ᠨᠢᠭᠡᠳᠦᠭᠡᠷ ᠪᠦᠯᠦᠭ᠂ ᠶᠠᠷᠦᠩᠭᠡᠢ ᠵᠠᠷᠴᠢᠮ | ᠨᠢᠬᠡᠳᠦᠭᠡᠷ ᠵᠤᠷᠪᠤᠰ ︽ ᠵᠠᠭᠢᠳᠠᠯ ᠰᠤᠷᠪᠤᠯᠵᠢᠯᠠᠯᠭ᠎ᠠ ᠶᠢᠨ ᠠᠵᠢᠯ ᠤᠨ ᠬᠠᠷᠢᠭᠤᠴᠠᠯᠭ᠎ᠠ ᠶᠢᠨ ᠲᠦᠷᠢᠮ | ᠢ ᠭᠡᠷᠡᠭᠵᠢᠬᠦᠯᠬᠦ ᠨᠠᠷᠢᠨ ᠲᠦᠷᠢᠮ︾ ᠢ ᠲᠤᠤᠱᠯᠠᠭᠤᠯᠤᠨ ᠭᠡᠷᠡᠭᠵᠢᠬᠦᠯᠬᠦ ᠶᠢᠨ ᠲᠦᠯᠦᠬᠡ᠂ ᠪᠦᠭᠦ ᠤᠷᠤᠨ ᠤ | ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠵᠢᠴᠢ ᠲᠡᠭᠦᠨ ᠤ ᠤᠳᠤᠷᠢᠳᠬᠤ ᠺᠠᠳ᠋ᠷ᠂ ᠠᠵᠢᠯᠳᠠᠨ ᠤ | ᠵᠠᠭᠢᠳᠠᠯ ᠰᠤᠷᠪᠤᠯᠵᠢᠯᠠᠭ᠎ᠠ ᠶᠢᠨ ᠠᠵᠢᠯ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠬᠠᠤᠯᠢ ᠶᠤᠰᠤᠭᠠᠷ | ᠤᠯᠠᠨ ᠲᠦᠮᠡᠨ ᠤ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ ᠨᠡᠶᠢᠭᠡᠮ ᠤᠨ ᠡᠶ᠎ᠡ ᠲᠤᠭᠳᠠᠭᠤᠨ ᠢ | ᠠᠭᠢᠭᠤᠯᠤᠨ᠂ ᠠᠮᠤᠷ ᠠᠮᠤᠭᠤᠯᠠᠩ ᠦᠪᠦᠷ ᠮᠤᠩᠭᠤᠯ ᠢ ᠪᠦᠳᠦᠭᠡᠨ ᠪᠠᠶᠢᠭᠤᠯᠵᠤ᠂ ᠦᠪᠡᠷᠳᠡᠭᠡᠨ ᠵᠠᠰᠠᠬᠤ ᠤᠷᠤᠨ | ᠤ ᠪᠤᠳᠠᠳᠠᠢ ᠲᠠᠢ ᠤᠶᠠᠯᠳᠤᠭᠤᠯᠤᠨ᠂ ᠲᠤᠰ ᠨᠠᠷᠢᠨ ᠲᠦᠷᠢᠮ ᠢ ᠲᠤᠭᠳᠠᠭᠠᠯᠠ᠃ | ᠬᠤᠶᠠᠳᠤᠭᠠᠷ ᠵᠤᠷᠪᠤᠰ ᠲᠤᠰ ᠨᠠᠷᠢᠨ ᠲᠦᠷᠢᠮ ᠳᠠᠬᠢ ᠨᠠᠮ ᠵᠠᠰᠠᠭ ᠤᠨ ᠪᠠᠶᠢᠭᠤᠯᠤᠯᠭ᠎ᠠ ᠳᠤ ᠨᠠᠮ ᠤᠨ | ᠠᠯᠪᠠᠨ ᠪᠠᠶᠢᠭᠤᠯᠤᠯᠭ᠎ᠠ᠂ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠠᠯᠪᠠᠨ ᠪᠠᠶᠢᠭᠤᠯᠤᠯᠭ᠎ᠠ᠂ | ᠵᠠᠰᠠᠭ ᠵᠠᠭᠢᠷᠭᠠᠨ ᠤ ᠠᠯᠪᠠᠨ ᠪᠠᠶᠢᠭᠤᠯᠤᠯᠭ᠎ᠠ᠂ ᠤᠯᠤᠰ ᠲᠦᠷᠦ ᠶᠢᠨ ᠵᠦᠪᠯᠡᠯᠬᠡᠨ ᠤ ᠬᠤᠷᠠᠯ ᠤᠨ ᠠᠯᠪᠠᠨ | ᠪᠠᠶᠢᠭᠤᠯᠤᠯᠭ᠎ᠠ ᠂ ᠰᠢᠬᠦᠬᠦ ᠪᠠᠶᠢᠭᠤᠯᠤᠯᠭ᠎ᠠ ᠂ ᠪᠠᠶᠢᠴᠠᠭᠠᠬᠤ ᠪᠠᠶᠢᠭᠤᠯᠤᠯᠭ᠎ᠠ ᠪᠠᠭᠳᠠᠨ᠎ᠠ᠃ ᠡᠯ᠎ᠡ ᠱᠠᠳᠤᠨ ᠤ | ᠨᠠᠮ ᠵᠠᠰᠠᠭ ᠤᠨ ᠠᠯᠪᠠᠨ ᠪᠠᠶᠢᠭᠤᠯᠤᠯᠭ᠎ᠠ ᠶᠢᠨ ᠲᠤᠮᠢᠯᠠᠭᠰᠠᠨ ᠨᠢᠬᠡᠴᠡ᠂ ᠰᠢᠭᠤᠳ ᠬᠠᠷᠢᠶ᠎ᠠ ᠠᠵᠢᠯ ᠦᠢᠯᠡᠰ ᠤᠨ | ᠨᠢᠭᠡᠴᠡ ᠪᠤᠯᠤᠨ ᠠᠵᠢᠯᠴᠢᠳ ᠤᠨ ᠡᠪᠯᠡᠯ᠂ ᠡᠪ ᠬᠠᠮᠳᠤ ᠵᠠᠯᠠᠭᠤᠴᠤᠳ ᠤᠨ ᠡᠪᠯᠡᠯ᠂ ᠡᠮᠡᠭᠳᠡᠶᠢᠴᠤᠳ ᠤᠨ | ᠬᠤᠯᠪᠤᠭᠠᠳᠤ ᠬᠤᠷᠠᠯ ᠵᠡᠷᠭᠡ ᠠᠷᠠᠳ ᠤᠨ ᠪᠦᠯᠬᠦᠮ ᠨᠠᠶᠢᠳᠠ ᠴᠤ ᠲᠤᠰ ᠨᠠᠷᠢᠨ ᠲᠦᠷᠢᠮ ᠢ ᠭᠡᠷᠡᠭᠯᠡᠨ᠎ᠡ᠃ | ᠤᠯᠤᠰ ᠤᠨ ᠦᠮᠴᠢᠯᠡᠯᠳᠦ ᠪᠤᠯᠤᠨ ᠤᠯᠤᠰ ᠤᠨ ᠦᠮᠴᠢᠯᠡᠯᠳᠦ ᠬᠤᠪᠢ ᠡᠵᠡᠮᠰᠢᠯᠳᠦ ᠠᠵᠤ ᠠᠬᠤᠶᠢᠯᠠᠯ᠂ | ᠲᠤᠰ ᠨᠠᠷᠢᠨ ᠲᠦᠷᠢᠮ ᠢ ᠮᠦᠷᠳᠡᠨ ᠭᠡᠷᠡᠭᠵᠢᠬᠦᠯᠦᠨ᠎ᠡ᠃ | ᠭᠤᠷᠪᠠᠳᠤᠭᠠᠷ ᠵᠤᠷᠪᠤᠰ ᠵᠠᠭᠢᠳᠠᠯ ᠰᠤᠷᠪᠤᠯᠵᠢᠯᠠᠭ᠎ᠠ ᠶᠢᠨ ᠠᠵᠢᠯ ᠶᠢᠨ ᠬᠠᠷᠢᠭᠤᠴᠠᠯᠭ᠎ᠠ ᠶᠢᠨ ᠲᠦᠷᠢᠮ ᠢ | ᠨᠡᠶᠢᠳᠠᠪᠤᠷᠢᠵᠢᠭᠤᠯᠵᠤ᠂ ᠳ᠋ᠧᠩ ᠰᠢᠶᠤᠤ ᠫᠢᠩ ᠤᠨ ᠤᠨᠤᠯ᠂ ︿ᠭᠤᠷᠪᠠ ᠶᠢ ᠲᠦᠯᠦᠬᠡᠯᠡᠬᠦ ﹀ ᠴᠢᠬᠤᠯᠠ ᠦᠵᠡᠯ | ᠰᠠᠨᠠᠭ᠎ᠠ᠂ ᠰᠢᠨᠵᠢᠯᠡᠭᠦ ᠤᠬᠠᠭᠠᠨᠴᠢ ᠭᠦᠭᠵᠢᠯᠳᠡ ᠶᠢᠨ ᠦᠵᠡᠯᠳᠡ ᠪᠠᠷ ᠵᠢᠯᠤᠭᠤᠳᠤᠯᠭ᠎ᠠ ᠪᠤᠯᠭᠠᠨ᠂ ᠰᠢ ᠶᠢᠨ ᠫᠢᠩ | ᠶᠡᠷᠦᠩᠬᠡᠢ ᠱᠦᠵᠢ ᠶᠢᠨ ᠰᠢᠷᠢᠰ ᠴᠢᠬᠤᠯᠠ ᠶᠠᠷᠢᠶ᠎ᠠ ᠪᠤᠯᠤᠨ ᠤᠯᠤᠰ ᠢᠶᠠᠨ ᠵᠠᠰᠠᠵᠤ ᠵᠠᠰᠠᠭ ᠶᠠᠪᠤᠭᠤᠯᠬᠤ ᠰᠢᠨ᠎ᠡ | ᠤᠬᠠᠭᠳᠠᠬᠤᠨ ᠰᠢᠨ᠎ᠡ ᠦᠵᠡᠯ ᠰᠠᠨᠠᠭ᠎ᠠ ᠰᠢᠨ᠎ᠡ ᠪᠠᠶᠢᠯᠳᠤᠬᠤ ᠪᠤᠳᠤᠯᠭ᠎ᠠ ᠶᠢ ᠬᠦᠨᠵᠡᠭᠡᠶᠢᠷᠡᠭᠦᠯᠦᠨ ᠲᠤᠤᠱᠯᠠᠭᠤᠯᠵᠤ᠂ | ᠰᠢ ᠶᠢᠨ ᠫᠢᠩ ᠶᠡᠷᠦᠩᠬᠡᠢ ᠱᠦᠵᠢ ᠶᠢᠨ ᠦᠪᠦᠷ ᠮᠤᠩᠭᠤᠯ ᠳᠤ ᠠᠵᠢᠯ ᠪᠠᠶᠢᠴᠠᠭᠠᠬᠤ ᠦᠶ᠎ᠡ ᠶᠢᠨ ᠴᠢᠬᠤᠯᠠ | ᠶᠠᠷᠢᠶᠠᠨ ᠤ ᠵᠤᠷᠢᠭ ᠰᠠᠨᠠᠭ᠎ᠠ ᠶᠢ ᠪᠦᠭᠦ ᠲᠠᠯ᠎ᠠ ᠪᠠᠷ ᠨᠠᠶᠢᠳᠠᠪᠤᠷᠢᠵᠢᠭᠤᠯᠤᠨ᠂ ︿ᠲᠠᠪᠤ ᠶᠢ ᠨᠢᠬᠡ ᠴᠤᠭᠴᠠᠵᠢᠭᠤᠯᠬᠤ﹀ | ᠶᠠᠷᠦᠩᠬᠡᠢ ᠪᠠᠶᠢᠷᠢᠯᠠᠭᠤᠯᠳᠠ ᠶᠢ ᠨᠢᠭᠡᠳᠦᠯᠲᠡᠢ ᠲᠦᠯᠬᠢᠨ ᠠᠭᠢᠭᠤᠯᠬᠤ ᠪᠤᠯᠤᠨ ︿ᠲᠦᠷᠪᠡᠨ ᠪᠦᠬᠦ ᠲᠠᠯ᠎ᠠ﹀ ᠶᠢᠨ | ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠳᠠ ᠶᠢᠨ ᠲᠤᠭᠤᠷᠢᠨ ᠳᠤ ᠂ ︿ ᠬᠠᠷᠢᠶ᠎ᠠ ᠭᠠᠵᠠᠷ ᠶᠢᠨ | ᠬᠠᠮᠢᠶᠠᠷᠤᠯᠳᠠ ᠂ ᠲᠠᠰ ᠬᠤᠪᠢᠶᠠᠨ ᠬᠠᠷᠢᠭᠤᠴᠠᠬᠤ᠂ ᠭᠡᠨ ᠭᠤᠤᠯᠯᠠᠨ ᠬᠠᠮᠢᠶᠠᠷᠪᠠᠯ ᠭᠡᠨ ᠬᠠᠷᠢᠭᠤᠴᠠᠬᠤ᠂ ᠬᠠᠤᠯᠢ | ᠶᠤᠰᠤᠭᠠᠷ᠂ ᠴᠠᠭ ᠲᠠᠷᠤᠢ ᠳᠤᠨᠢ᠂ ᠲᠤᠬᠠᠢ ᠶᠢᠨ ᠭᠠᠵᠠᠷ ᠲᠤᠨᠢ ᠠᠰᠠᠭᠤᠳᠠᠯ ᠢ ᠰᠡᠶᠢᠳᠪᠦᠷᠢᠯᠡᠬᠦ ᠪᠤᠯᠤᠨ | ᠵᠤᠭᠢᠴᠠᠭᠤᠯᠤᠨ ᠬᠦᠮᠦᠵᠢᠬᠦᠯᠬᠦ ᠶᠢ ᠤᠶᠠᠯᠳᠤᠭᠤᠯᠬᠤ﹀ ᠠᠵᠢᠯ ᠤᠨ ᠵᠠᠷᠴᠢᠮ ᠢ ᠵᠢᠷᠤᠮᠯᠠᠨ᠂ ᠬᠢᠨᠠᠯᠳᠠ ᠲᠠᠯᠪᠢᠬᠤ᠂ | ᠬᠢᠨᠠᠨ ᠰᠢᠯᠭᠠᠬᠤ᠂ ᠰᠢᠳᠭᠡᠨ ᠰᠡᠷᠡᠮᠵᠢᠯᠡᠭᠦᠯᠭᠦ ᠵᠡᠷᠭᠡ ᠠᠷᠭ᠎ᠠ ᠭᠡᠮᠵᠢᠶ᠎ᠡ ᠶᠢ ᠶᠡᠷᠦᠩᠬᠡᠶᠢᠯᠡᠨ ᠠᠰᠢᠭᠯᠠᠵᠦ᠂ ᠬᠠᠤᠯᠢ | ᠶᠤᠰᠤᠭᠠᠷ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠶᠢᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠢ | ᠪᠡᠶᠡᠯᠡᠭᠦᠯᠬᠦ ᠶᠢ ᠲᠦᠷᠢᠮᠵᠢᠬᠦᠯᠵᠦ᠂ ᠵᠠᠭᠢᠳᠠᠯ ᠰᠤᠷᠪᠤᠯᠵᠢᠯᠠᠭ᠎ᠠ ᠶᠢᠨ ᠲᠤᠪᠤᠶᠢᠮ᠎ᠠ ᠠᠰᠠᠭᠤᠳᠠᠯ ᠢ ᠰᠠᠶᠢᠳᠤᠷ | ᠰᠡᠶᠢᠳᠪᠦᠷᠢᠯᠠᠨ᠂ ᠤᠯᠠᠨ ᠲᠦᠮᠡᠨ ᠤ ᠬᠠᠤᠯᠢ ᠶᠤᠰᠤᠨ ᠤ ᠠᠰᠢᠭ ᠲᠤᠰᠠ ᠶᠢᠨ ᠱᠠᠭᠠᠷᠳᠠᠯᠭ᠎ᠠ ᠶᠢ ᠰᠠᠶᠢᠳᠤᠷ | ᠰᠡᠶᠢᠳᠪᠦᠷᠢᠯᠡᠨ ᠂ ᠨᠠᠮ ᠤᠨ ᠲᠦᠪ ᠬᠤᠷᠢᠶᠠᠨ ᠤ ᠵᠠᠭᠢᠳᠠᠯ ᠰᠤᠷᠪᠤᠯᠵᠢᠯᠠᠭ᠎ᠠ ᠶᠢᠨ ᠠᠵᠢᠯ ᠶᠢᠨ ᠲᠤᠬᠠᠢ | ᠰᠡᠶᠢᠳᠪᠤᠷᠢ ᠲᠤᠭᠢᠷᠠᠭᠤᠯᠤᠯᠳᠠ ᠶᠢ ᠬᠦᠢᠴᠡᠳ ᠨᠠᠶᠢᠳᠠᠪᠤᠷᠢᠵᠢᠭᠤᠯᠬᠤ ᠶᠢ ᠪᠠᠳᠤᠯᠠᠬᠤ ᠭᠡᠷᠡᠭᠲᠡᠢ᠃ | ᠬᠤᠶᠠᠳᠤᠭᠠᠷ ᠪᠦᠯᠦᠭ᠂ ᠬᠠᠷᠢᠭᠤᠴᠠᠯᠭ᠎ᠠ ᠶᠢᠨ ᠠᠭᠤᠯᠭ᠎ᠠ | ᠲᠦᠷᠪᠡᠳᠦᠭᠡᠷ ᠵᠤᠷᠪᠤᠰ ᠡᠯ᠎ᠡ ᠱᠠᠳᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠨᠢ ᠲᠤᠬᠠᠢ ᠶᠢᠨ | ᠭᠠᠵᠠᠷ ᠤᠷᠤᠨ ᠤ ᠪᠠᠨ ᠵᠠᠭᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ ᠤᠷᠢᠳᠴᠢᠯᠠᠨ ᠰᠡᠷᠭᠡᠶᠢᠯᠡᠭᠦ ᠪᠤᠯᠤᠨ | ᠰᠡᠶᠢᠳᠪᠦᠷᠢᠯᠡᠭᠦ ᠭᠤᠤᠯ ᠬᠠᠷᠢᠭᠤᠴᠠᠯᠭ᠎ᠠ ᠶᠢ ᠡᠭᠦᠷᠭᠡᠯᠡᠵᠦ᠂ ᠵᠦᠷᠢᠴᠠᠯ ᠵᠢᠭᠤᠷᠭᠠᠨ ᠢ ᠢᠯᠡᠷᠡᠭᠦᠯᠦᠨ ᠡᠶᠡᠳᠡᠭᠦᠯᠬᠦ | ᠪᠤᠯᠤᠨ ᠵᠠᠭᠢᠳᠠᠯ ᠰᠤᠷᠪᠤᠯᠵᠢᠯᠠᠭ᠎ᠠ ᠶᠢᠨ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠵᠦ ᠤᠷᠢᠳᠴᠢᠯᠠᠨ | ᠮᠡᠳᠡᠭᠡᠯᠡᠭᠦ ᠂ ᠰᠡᠶᠢᠳᠪᠦᠷᠢᠯᠡᠬᠦ ᠵᠡᠷᠭᠡ ᠠᠵᠢᠯ ᠢ ᠡᠷᠭᠡᠪᠰᠢ ᠴᠢᠩᠭᠠᠳᠬᠠᠨ᠂ ᠪᠤᠳᠠᠳᠠᠢ ᠵᠠᠭᠢᠳᠠᠯ ᠰᠤᠷᠪᠤᠯᠵᠢᠯᠠᠭ᠎ᠠ | ᠶᠢᠨ ᠠᠰᠠᠭᠤᠳᠠᠯ ᠳᠤ ᠬᠠᠨᠳᠤᠭᠤᠯᠤᠨ ᠬᠠᠷᠢᠭᠤᠴᠠᠯᠭ᠎ᠠ ᠶᠢᠨ ᠬᠠᠷᠢᠴᠠᠭ᠎ᠠ ᠶᠢ ᠲᠤᠳᠤᠷᠬᠠᠶᠢᠯᠠᠵᠤ᠂ ᠬᠠᠮᠢᠶ᠎ᠠ | ᠪᠦᠬᠦᠢ ᠪᠠᠶᠢᠭᠤᠯᠤᠯᠭ᠎ᠠ ᠨᠢᠭᠡᠴᠡ ᠶᠢᠨ ᠬᠠᠤᠯᠢ ᠶᠤᠰᠤᠭᠠᠷ᠂ ᠴᠠᠭ ᠲᠠᠷᠤᠢ ᠳᠤᠨᠢ᠂ ᠲᠤᠬᠠᠢ ᠶᠢᠨ ᠭᠠᠵᠠᠷ ᠲᠤᠨᠢ | ᠰᠡᠶᠢᠳᠪᠦᠷᠢᠯᠡᠭᠦ ᠶᠢ ᠵᠤᠭᠢᠴᠠᠭᠤᠯᠤᠨ ᠱᠠᠭᠠᠷᠳᠠᠵᠦ᠂ ᠪᠠᠰᠠ ᠵᠠᠭᠢᠳᠠᠯ ᠰᠤᠷᠪᠤᠯᠵᠢᠯᠠᠭ᠎ᠠ ᠶᠢᠨ ᠤᠯᠠᠨ ᠲᠦᠮᠡᠨ ᠢ | ᠬᠦᠮᠦᠵᠢᠬᠦᠯᠦᠨ ᠤᠶᠢᠯᠠᠭᠠᠭᠤᠯᠬᠤ ᠶᠢ ᠴᠢᠩᠭᠠᠳᠬᠠᠵᠤ᠂ ᠰᠢᠯᠢᠳᠡᠭ ᠰᠠᠶᠢᠨ ᠵᠠᠭᠢᠳᠠᠯ ᠰᠤᠷᠪᠤᠯᠵᠢᠯᠠᠭ᠎ᠠ ᠶᠢᠨ ᠡᠮᠬᠢ | ᠵᠢᠷᠤᠮ ᠢ ᠬᠠᠮᠠᠭᠠᠯᠠᠬᠤ ᠭᠡᠷᠡᠭᠲᠡᠢ᠃ | ᠲᠠᠪᠤᠳᠤᠭᠠᠷ ᠵᠤᠷᠪᠤᠰ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠵᠠᠭᠢᠳᠠᠯ ᠰᠤᠷᠪᠤᠯᠵᠢᠯᠠᠭ᠎ᠠ ᠶᠢᠨ | ᠠᠵᠢᠯ ᠢ ᠡᠳᠦᠷ ᠲᠤᠳᠤᠮ ᠤᠨ ᠵᠦᠪᠳᠡᠯᠴᠡᠭᠡᠨ ᠤ ᠠᠵᠢᠯ ᠳᠤ ᠤᠷᠤᠭᠤᠯᠤᠨ ᠂ ᠲᠤᠭᠳᠠᠭᠰᠠᠨ ᠬᠤᠭᠤᠴᠠᠭ᠎ᠠ | ᠲᠠᠢ ᠪᠠᠷ ᠬᠤᠷᠠᠯ ᠬᠤᠷᠠᠯᠳᠤᠵᠤ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠬᠠᠷᠢᠭᠤ ᠮᠡᠳᠡᠭᠦᠯᠦᠯᠳᠡ ᠶᠢ | ᠰᠤᠨᠤᠰᠴᠤ᠂ ᠵᠠᠭᠢᠳᠠᠯ ᠰᠤᠷᠪᠤᠯᠵᠢᠯᠠᠭ᠎ᠠ ᠶᠢᠨ ᠪᠠᠶᠢᠳᠠᠯ ᠢ ᠵᠠᠳᠠᠯᠤᠨ᠂ ᠠᠵᠢᠯ ᠤᠨ ᠲᠤᠮᠳᠠᠭᠢ ᠴᠢᠬᠤᠯᠠ | ᠠᠰᠠᠭᠤᠳᠠᠯ ᠢ ᠰᠤᠳᠤᠯᠤᠨ ᠰᠡᠶᠢᠳᠪᠦᠷᠢᠯᠡᠵᠦ᠂ ᠬᠦᠮᠦᠨ ᠤ ᠬᠦᠴᠦᠨ ᠪᠤᠳᠠᠰ ᠤᠨ ᠬᠦᠴᠦᠨ ᠰᠠᠩᠭᠦᠤ ᠶᠢᠨ | ᠬᠦᠴᠦᠨ ᠤ ᠲᠠᠯ᠎ᠠ ᠪᠠᠷ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠠᠮᠵᠢᠯᠲᠠᠲᠠᠢ ᠦᠷᠨᠢᠬᠦᠯᠬᠦ ᠶᠢ ᠪᠠᠳᠤᠯᠠᠵᠤ᠂ | ᠰᠢᠨᠵᠢᠯᠡᠭᠦ ᠤᠬᠠᠭᠠᠨᠴᠢ ᠪᠠᠷ ᠪᠤᠳᠤᠯᠭ᠎ᠠ ᠲᠤᠭᠳᠠᠭᠠᠬᠤ᠂ ᠠᠷᠠᠳᠴᠢᠯᠠᠯ ᠢᠶᠠᠷ ᠪᠤᠳᠤᠯᠭ᠎ᠠ ᠲᠤᠭᠳᠠᠭᠠᠬᠤ᠂ ᠬᠠᠤᠯᠢ | ᠶᠤᠰᠤᠭᠠᠷ ᠪᠤᠳᠤᠯᠭ᠎ᠠ ᠲᠤᠭᠳᠠᠭᠠᠬᠤ ᠶᠢ ᠪᠠᠷᠢᠮᠳᠠᠯᠠᠵᠤ᠂ ᠵᠠᠭᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ ᠪᠤᠢ | ᠪᠤᠯᠭᠠᠭᠴᠢ ᠵᠦᠷᠢᠴᠡᠯ ᠵᠢᠭᠤᠷᠭᠠᠨ ᠢ ᠤᠭ ᠦᠨᠳᠦᠰᠦᠨ ᠠᠴᠠ ᠨᠢ ᠤᠷᠢᠳᠴᠢᠯᠠᠨ ᠰᠡᠷᠭᠡᠶᠢᠯᠡᠭᠦ ᠪᠠ ᠴᠦᠭᠡᠳᠭᠡᠪᠡᠯ | ᠵᠤᠭᠢᠨ᠎ᠠ᠃ | ᠨᠠᠮ ᠵᠠᠰᠠᠭ ᠤᠨ ᠪᠠᠶᠢᠭᠤᠯᠤᠯᠭ᠎ᠠ ᠶᠢᠨ ᠤᠳᠤᠷᠢᠳᠬᠤ ᠪᠠᠭ ᠤᠨ ᠭᠤᠤᠯ ᠬᠠᠷᠢᠭᠤᠴᠠᠯᠭᠠᠳᠠᠨ ᠨᠢ ᠲᠤᠰ | ᠭᠠᠵᠠᠷ ᠤᠷᠤᠨ᠂ ᠰᠠᠯᠠᠭ᠎ᠠ ᠮᠦᠴᠢᠷ᠂ ᠰᠢᠰᠲ᠋ᠧᠮ ᠤᠨ ᠬᠢᠨ ᠢᠶᠠᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ | ᠭᠤᠤᠯ ᠬᠠᠷᠢᠭᠤᠴᠠᠯᠭ᠎ᠠ ᠶᠢ ᠡᠭᠦᠷᠭᠡᠯᠡᠵᠤ᠂ ᠤᠳᠤᠷᠢᠳᠬᠤ ᠪᠠᠭ ᠤᠨ ᠪᠤᠰᠤᠳ ᠭᠡᠰᠢᠬᠦᠨ ᠡᠭᠦᠷᠭᠡ | ᠬᠠᠷᠢᠭᠤᠴᠠᠯᠭᠠᠳᠤ ᠭᠡᠪᠴᠢᠶᠡᠨ ᠤ ᠪᠠᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠳᠤ ᠤᠳᠤᠷᠢᠳᠤᠯᠭ᠎ᠠ ᠶᠢᠨ | ᠬᠠᠷᠢᠭᠤᠴᠠᠯᠭ᠎ᠠ ᠡᠭᠦᠷᠭᠡᠯᠡᠨ᠎ᠡ᠃ | ᠡᠯ᠎ᠡ ᠱᠠᠳᠤᠨ ᠤ ᠤᠳᠤᠷᠢᠳᠬᠤ ᠺᠠᠳᠡᠷ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠲᠦᠷᠢᠮ ᠪᠤᠯᠤᠨ | ᠲᠠᠭᠠᠭᠠᠴᠢᠯᠠᠭᠰᠠᠨ ᠭᠡᠷᠡᠭ ᠢ ᠰᠡᠶᠢᠳᠪᠦᠷᠢᠯᠡᠭᠦ ᠵᠠᠭᠢᠳᠠᠯ ᠰᠤᠷᠪᠤᠯᠵᠢᠯᠠᠭ᠎ᠠ ᠶᠢᠨ ᠵᠤᠶᠢᠯ ᠤᠨ ᠲᠦᠷᠢᠮ ᠢ | ᠨᠠᠶᠢᠳᠠᠪᠤᠷᠢᠵᠢᠭᠤᠯᠤᠨ᠂ ᠤᠯᠠᠨ ᠲᠦᠮᠡᠨ ᠤ ᠢᠷᠡᠭᠦᠯᠦᠭᠰᠡᠨ ᠵᠠᠭᠢᠳᠠᠯ ᠪᠤᠯᠤᠨ ᠰᠦᠯᠵᠢᠶᠡᠨ ᠲᠡᠭᠡᠷᠡᠭᠢ ᠵᠠᠭᠢᠳᠠᠯ | ᠰᠤᠷᠪᠤᠯᠵᠢᠯᠠᠭ᠎ᠠ ᠶᠢᠨ ᠵᠤᠶᠢᠯ ᠢ ᠴᠠᠭ ᠲᠠᠷᠤᠢ ᠲᠤᠨᠢ ᠤᠩᠰᠢᠨ ᠴᠤᠬᠤᠯᠠᠪᠤᠷᠢᠯᠠᠵᠤ᠂ ᠲᠤᠭᠳᠠᠮᠠᠯ ᠬᠤᠭᠤᠴᠠᠭ᠎ᠠ | ᠲᠠᠢ ᠪᠠᠷ ᠤᠯᠠᠨ ᠲᠦᠮᠡᠨ ᠤ ᠵᠠᠭᠢᠳᠠᠯ ᠰᠤᠷᠪᠤᠯᠵᠢᠯᠠᠭ᠎ᠠ ᠶᠢ ᠬᠦᠯᠢᠶᠡᠨ ᠠᠪᠴᠤ᠂ ᠲᠤᠷᠤᠭᠰᠢ ᠪᠠᠭᠤᠨ ᠭᠡᠷᠡᠭ | ᠤᠴᠢᠷ ᠤᠨ ᠰᠤᠷᠪᠤᠯᠵᠢᠯᠠᠭ᠎ᠠ ᠤᠶᠢᠯᠠᠭᠠᠯᠳᠠ ᠭᠢᠵᠦ᠂ ᠰᠡᠵᠢᠭ ᠲᠦᠪᠡᠭ ᠲᠠᠢ ᠪᠤᠳᠤᠯᠢᠶᠠᠨᠳᠤ ᠵᠠᠭᠢᠳᠠᠯ | ᠰᠤᠷᠪᠤᠯᠵᠢᠯᠠᠭ᠎ᠠ ᠶᠢᠨ ᠠᠰᠠᠭᠤᠳᠠᠯ ᠢ ᠵᠤᠭᠢᠴᠠᠭᠤᠯᠬᠤ ᠪᠤᠶᠤ ᠲᠠᠭᠠᠭᠠᠴᠢᠯᠠᠨ ᠰᠡᠶᠢᠳᠪᠦᠷᠢᠯᠡᠪᠡᠯ ᠵᠤᠭᠢᠨ᠎ᠠ᠃ | ᠵᠢᠷᠭᠤᠳᠤᠭᠠᠷ ᠵᠤᠷᠪᠤᠰ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠠᠵᠢᠯ ᠤᠨ ᠰᠠᠯᠠᠭ᠎ᠠ ᠮᠦᠴᠢᠷ | ᠲᠤᠰ ᠰᠠᠯᠠᠭ᠎ᠠ ᠮᠦᠴᠢᠷ ᠤᠨ ᠢᠶᠠᠨ ᠡᠷᠭᠡ ᠲᠤᠰᠢᠶᠠᠯ ᠤᠨ ᠭᠡᠪᠴᠢᠶᠡᠨ ᠳᠠᠬᠢ ᠵᠠᠭᠢᠳᠠᠯ ᠰᠤᠷᠪᠤᠯᠵᠢᠯᠠᠭ᠎ᠠ ᠶᠢᠨ | ᠭᠡᠷᠡᠭ ᠤᠴᠢᠷ ᠪᠤᠯᠤᠨ ᠵᠠᠭᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠤᠨ ᠲᠤᠰᠢᠶᠡᠨ ᠰᠡᠶᠢᠳᠪᠦᠷᠢᠯᠡᠭᠦᠯᠦᠭᠰᠡᠨ | ᠪᠠ ᠰᠢᠯᠵᠢᠬᠦᠯᠦᠨ ᠬᠦᠷᠭᠡᠭᠰᠡᠨ ᠵᠠᠭᠢᠳᠠᠯ ᠰᠤᠷᠪᠤᠯᠵᠢᠯᠠᠭ᠎ᠠ ᠶᠢᠨ ᠵᠤᠶᠢᠯ ᠢ ᠬᠠᠮᠢᠶ᠎ᠠ ᠪᠦᠬᠦᠢ ᠬᠠᠤᠯᠢ ᠲᠦᠷᠢᠮ | ᠲᠤᠭᠳᠠᠭᠠᠯ ᠪᠤᠯᠤᠨ ᠡᠮᠬᠢ ᠲᠠᠷᠠᠭᠠᠯᠠᠯ ᠢ ᠵᠢᠷᠤᠮᠯᠠᠨ ᠴᠠᠭ ᠲᠠᠷᠤᠢ ᠳᠤᠨᠢ ᠵᠦᠢ ᠵᠤᠭᠢᠰᠲᠠᠢ ᠰᠡᠶᠢᠳᠪᠦᠷᠢᠯᠡᠪᠡᠯ | ᠵᠤᠭᠢᠨ᠎ᠠ᠃ | ᠰᠢᠭᠤᠳ ᠬᠠᠮᠢᠶᠠᠷᠬᠤ ᠰᠠᠯᠠᠭ᠎ᠠ ᠮᠦᠴᠢᠷ ᠲᠤᠰ ᠰᠢᠰᠲ᠋ᠧᠮ ᠤᠨ ᠢᠶᠠᠨ ᠵᠠᠭᠢᠳᠠᠯ ᠰᠤᠷᠪᠤᠯᠵᠢᠯᠠᠭ᠎ᠠ ᠶᠢᠨ | ᠠᠵᠢᠯ ᠢ ᠬᠠᠷᠢᠭᠤᠴᠠᠵᠤ᠂ ᠲᠤᠤᠷᠠᠳᠤ ᠱᠠᠳᠤᠨ ᠤ ᠰᠠᠯᠠᠭ᠎ᠠ ᠮᠦᠴᠢᠷ ᠪᠤᠯᠤᠨ ᠪᠠᠶᠢᠭᠤᠯᠤᠯᠭ᠎ᠠ ᠶᠢᠨ ᠬᠠᠤᠯᠢ | ᠶᠤᠰᠤᠭᠠᠷ᠂ ᠴᠠᠭ ᠲᠤᠬᠠᠢ ᠳᠤᠨᠢ᠂ ᠲᠤᠬᠠᠢ ᠶᠢᠨ ᠭᠠᠵᠠᠷ ᠲᠤᠨᠢ ᠵᠠᠭᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ | ᠰᠡᠶᠢᠳᠪᠦᠷᠢᠯᠡᠭᠦ ᠶᠢ ᠬᠢᠨᠠᠨ ᠱᠠᠭᠠᠷᠳᠠᠪᠠᠯ ᠵᠤᠭᠢᠨ᠎ᠠ᠃ | ᠵᠠᠭᠢᠳᠠᠯ ᠰᠤᠷᠪᠤᠯᠵᠢᠯᠠᠭ᠎ᠠ ᠶᠢᠨ ᠵᠤᠶᠢᠯ ᠨᠢ ᠤᠯᠠᠨ ᠰᠠᠯᠠᠭ᠎ᠠ ᠮᠦᠴᠢᠷ ᠢ ᠬᠠᠮᠤᠷᠴᠦ ᠪᠠᠶᠢᠭ᠎ᠠ ᠪᠤᠯ ᠡᠯ᠎ᠡ | ᠬᠠᠮᠢᠶᠠᠲᠠᠢ ᠰᠠᠯᠠᠭ᠎ᠠ ᠮᠦᠴᠢᠷ ᠤᠶᠢᠯᠠᠭᠠᠯᠴᠠᠭ᠎ᠠ ᠵᠦᠪᠳᠡᠯᠴᠡᠭᠡ ᠶᠠᠪᠤᠭᠳᠠᠭᠤᠯᠤᠨ᠂ ᠲᠤᠯᠤᠭᠠᠶᠢᠯᠠᠨ ᠡᠷᠭᠢᠯᠡᠭᠦ ᠰᠠᠯᠠᠭ᠎ᠠ | ᠮᠦᠴᠢᠷ ᠪᠤᠯᠤᠨ ᠬᠠᠮᠵᠢᠯᠴᠠᠬᠤ ᠰᠠᠯᠠᠭ᠎ᠠ ᠮᠦᠴᠢᠷ ᠢᠶᠠᠨ ᠲᠤᠳᠤᠷᠬᠠᠶᠢᠯᠠᠵᠤ᠂ ᠵᠦᠪᠳᠡᠯᠴᠡᠭᠡᠳ ᠪᠦᠳᠦᠮᠵᠢ ᠦᠬᠡᠢ | ᠪᠤᠯ ᠠᠳᠠᠯᠢ ᠱᠠᠳᠤᠨ ᠤ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠬᠠᠮᠳᠤᠷᠠᠭᠰᠠᠨ ᠬᠤᠷᠠᠯ ᠤᠨ ᠠᠯᠪᠠᠨ ᠭᠡᠷ | ᠢᠶᠠᠷ ᠬᠠᠷᠢᠭᠤᠴᠠᠯᠭ᠎ᠠ ᠶᠢᠨ ᠬᠤᠪᠢᠶᠠᠷᠠᠭᠤᠯᠤᠯᠳᠠ ᠭᠢᠯᠭᠡᠪᠡᠯ ᠵᠤᠭᠢᠨ᠎ᠠ᠃ | ᠲᠤᠯᠤᠳᠤᠭᠠᠷ ᠵᠤᠷᠪᠤᠰ ᠡᠯ᠎ᠡ ᠱᠠᠳᠤᠨ ᠤ ᠵᠠᠭᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠨᠢ ᠨᠠᠮ ᠤᠨ | ᠬᠤᠷᠢᠶ᠎ᠠ᠂ ᠵᠠᠰᠠᠭ ᠤᠨ ᠤᠷᠳᠤᠨ ᠤ ᠨᠢᠭᠡᠳᠦᠯᠲᠡᠢ ᠤᠳᠤᠷᠢᠳᠤᠯᠭ᠎ᠠ ᠲᠤᠤᠷ᠎ᠠ᠂ ᠲᠤᠬᠠᠢ ᠶᠢᠨ ᠭᠠᠵᠠᠷ ᠤᠷᠤᠨ ᠤ | ᠪᠠᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠢ ᠵᠤᠭᠢᠴᠠᠭᠤᠯᠵᠤ ᠂ ᠵᠢᠭᠠᠨ ᠵᠢᠯᠤᠭᠤᠳᠴᠤ᠂ ᠬᠢᠨᠠᠯᠳᠠ ᠲᠠᠯᠪᠢᠵᠦ᠂ | ᠬᠠᠤᠯᠢ ᠳᠤ ᠵᠢᠭᠠᠭᠰᠠᠨ ᠡᠮᠬᠢ ᠲᠠᠷᠠᠭᠠᠯᠠᠯ ᠪᠤᠯᠤᠨ ᠵᠠᠭᠠᠯᠳᠤᠯᠭ᠎ᠠ ᠪᠤᠯᠤᠨ ᠵᠠᠭᠢᠳᠠᠯ ᠰᠤᠷᠪᠤᠯᠵᠢᠯᠠᠭ᠎ᠠ ᠶᠢ ᠰᠠᠯᠭᠠᠬᠤ | ᠲᠦᠷᠢᠮ ᠢ ᠵᠢᠷᠤᠮᠯᠠᠨ᠂ ᠵᠠᠭᠢᠳᠠᠯ ᠰᠤᠷᠪᠤᠯᠵᠢᠯᠠᠭ᠎ᠠ ᠶᠢᠨ ᠵᠤᠶᠢᠯ ᠢ ᠬᠦᠯᠢᠶᠡᠨ ᠰᠡᠶᠢᠳᠪᠦᠷᠢᠯᠡᠭᠦ᠂ ᠲᠤᠰᠢᠶᠠᠨ | ᠰᠡᠶᠢᠳᠪᠦᠷᠢᠯᠡᠬᠦ ᠪᠤᠶᠤ ᠬᠢᠨᠠᠨ ᠰᠡᠶᠢᠳᠪᠦᠷᠢᠯᠡᠬᠦᠯᠵᠦ᠂ ᠬᠦᠨᠳᠦ ᠴᠢᠬᠤᠯᠠ ᠵᠠᠭᠢᠳᠠᠯ ᠰᠤᠷᠪᠤᠯᠵᠢᠯᠠᠭ᠎ᠠ ᠶᠢᠨ | ᠠᠰᠠᠭᠤᠳᠠᠯ ᠢ ᠵᠤᠭᠢᠴᠠᠭᠤᠯᠤᠨ ᠰᠡᠶᠢᠳᠪᠦᠷᠢᠯᠡᠵᠦ᠂ ᠵᠠᠭᠢᠳᠠᠯ ᠰᠤᠷᠪᠤᠯᠵᠢᠯᠠᠭ᠎ᠠ ᠶᠢᠨ ᠪᠠᠶᠢᠳᠠᠯ ᠢ ᠵᠠᠳᠠᠯᠤᠨ | ᠰᠤᠳᠤᠯᠵᠤ᠂ ᠠᠵᠢᠯ ᠢᠶᠠᠨ ᠰᠠᠶᠢᠵᠢᠷᠠᠭᠤᠯᠤᠨ ᠲᠦᠷᠦ ᠶᠢᠨ ᠪᠤᠳᠤᠯᠭ᠎ᠠ ᠶᠢ ᠲᠡᠭᠦᠯᠳᠡᠷᠵᠢᠬᠦᠯᠬᠦ ᠪᠤᠯᠤᠨ ᠰᠢᠳᠭᠡᠯ | ᠦᠭᠭᠦ ᠰᠠᠨᠠᠭᠤᠯᠭ᠎ᠠ ᠭᠠᠷᠭᠠᠬᠤ ᠭᠡᠷᠡᠭᠲᠡᠢ᠃ | ᠨᠠᠶᠢᠮᠠᠳᠤᠭᠠᠷ ᠵᠤᠷᠪᠤᠰ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠤᠯᠠᠨ ᠲᠦᠮᠡᠨ ᠤ ᠵᠠᠭᠢᠳᠠᠯ | ᠰᠤᠷᠪᠤᠯᠵᠢᠯᠠᠭ᠎ᠠ ᠶᠢᠨ ᠲᠡᠷᠢᠭᠦᠯᠡᠨ ᠰᠡᠶᠢᠳᠪᠦᠷᠢᠯᠡᠭᠦ ᠬᠠᠷᠢᠭᠤᠴᠠᠯᠭ᠎ᠠ ᠶᠢᠨ ᠲᠤᠭᠳᠠᠯᠴᠠᠭ᠎ᠠ ᠢ ᠪᠠᠶᠢᠭᠤᠯᠵᠤ ᠂ | ᠲᠡᠷᠢᠬᠦᠯᠡᠨ ᠰᠡᠶᠢᠳᠪᠤᠷᠢᠯᠡᠬᠦ ᠬᠠᠷᠢᠭᠤᠴᠠᠯᠭ᠎ᠠ ᠶᠢ ᠪᠤᠳᠠᠳᠠᠢ ᠪᠠᠶᠢᠭᠤᠯᠤᠯᠭ᠎ᠠ ᠪᠤᠯᠤᠨ ᠬᠤᠪᠢ ᠬᠦᠮᠦᠨ ᠳᠤ | ᠨᠠᠶᠢᠳᠠᠪᠤᠷᠢᠵᠢᠭᠤᠯᠵᠤ᠂ ᠨᠠᠶᠢᠳᠠᠪᠤᠷᠢᠵᠢᠭᠤᠯᠬᠤ ᠳᠤ ᠬᠢᠨᠡᠯᠳᠠ ᠲᠠᠯᠪᠢᠬᠤ ᠪᠠᠨ ᠴᠢᠩᠭᠠᠳᠬᠠᠨ᠂ ᠴᠠᠭ ᠲᠤᠬᠠᠢ ᠳᠤ ᠨᠢ | ᠵᠠᠭᠢᠳᠠᠯ ᠰᠤᠷᠪᠤᠯᠵᠢᠯᠠᠭ᠎ᠠ ᠶᠢᠨ ᠤᠯᠠᠨ ᠲᠦᠮᠡᠨ ᠳᠤ ᠬᠠᠷᠢᠭᠤᠯᠳᠠ ᠦᠭᠪᠡᠯ ᠵᠤᠭᠢᠨ᠎ᠠ᠃ | ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠶᠢᠨ ᠠᠯᠪᠠᠨ ᠠᠵᠢᠯᠳᠠᠨ ᠵᠠᠭᠢᠳᠠᠯ ᠰᠤᠷᠪᠤᠯᠵᠢᠯᠠᠭ᠎ᠠ | ᠶᠢᠨ ᠵᠤᠶᠢᠯ ᠢ ᠰᠡᠶᠢᠳᠪᠤᠷᠢᠯᠡᠬᠦ ᠶᠠᠪᠤᠴᠠ ᠳᠠᠭᠠᠨ ᠬᠠᠤᠯᠢ ᠶᠤᠰᠤᠭᠠᠷ ᠭᠡᠷᠡᠭ ᠰᠡᠶᠢᠳᠪᠦᠷᠢᠯᠡᠬᠦ ᠶᠢ ᠪᠠᠷᠢᠮᠳᠠᠯᠠᠵᠤ᠂ | ᠤᠯᠠᠨ ᠲᠦᠮᠡᠨᠴᠢ ᠰᠠᠭᠢᠯᠭ᠎ᠠ ᠲᠦᠷᠢᠮ ᠢ ᠵᠢᠷᠤᠮᠯᠠᠨ᠂ ᠭᠤᠤᠯᠴᠢ ᠰᠢᠳᠤᠷᠭᠤ ᠪᠠᠷ ᠠᠰᠠᠭᠤᠳᠠᠯ ᠰᠡᠶᠢᠳᠪᠤᠷᠢᠯᠡᠬᠦ᠂ | ᠠᠷᠢᠭᠤᠨ ᠴᠢᠭᠡᠴᠢ᠂ ᠨᠢᠭᠤᠴᠠ ᠶᠢ ᠬᠠᠮᠠᠭᠠᠯᠠᠬᠤ᠂ ᠬᠠᠯᠠᠭᠤᠮᠰᠤᠭ ᠬᠠᠩᠭᠠᠮᠵᠢᠲᠠᠢ ᠪᠠᠶᠢᠬᠤ ᠶᠢ ᠪᠠᠷᠢᠮᠳᠠᠯᠠᠪᠠᠯ | ᠵᠤᠭᠢᠨ᠎ᠠ᠃ | ᠭᠤᠷᠪᠠᠳᠤᠭᠠᠷ ᠪᠦᠯᠦᠭ ᠬᠢᠨᠠᠨ ᠪᠠᠶᠢᠴᠠᠭᠠᠵᠤ ᠬᠢᠨᠠᠨ ᠰᠢᠯᠭᠠᠬᠤ | ᠶᠢᠰᠦᠳᠦᠭᠡᠷ ᠵᠤᠷᠪᠤᠰ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠵᠠᠭᠢᠳᠠᠯ ᠰᠤᠷᠪᠤᠯᠵᠢᠯᠠᠭ᠎ᠠ | ᠶᠢᠨ ᠠᠵᠢᠯ ᠢ ᠭᠢᠨᠠᠨ ᠪᠠᠶᠢᠴᠠᠭᠠᠬᠤ ᠭᠡᠪᠴᠢᠶᠡᠨ ᠳᠤ ᠪᠠᠨ ᠤᠷᠤᠭᠤᠯᠵᠤ᠂ ᠨᠠᠮ ᠤᠨ ᠲᠦᠪ ᠬᠤᠷᠢᠶ᠎ᠠ᠂ ᠲᠦᠷᠦ | ᠶᠢᠨ ᠶᠠᠪᠤᠳᠠᠯ ᠤᠨ ᠬᠤᠷᠢᠶ᠎ᠠ ᠪᠤᠯᠤᠨ ᠲᠡᠭᠡᠳᠦ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ | ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠰᠡᠶᠢᠳᠪᠤᠷᠢ ᠪᠠᠶᠢᠷᠢᠯᠠᠭᠤᠯᠤᠯᠳᠠ ᠶᠢ ᠲᠤᠤᠱᠯᠠᠭᠤᠯᠤᠨ | ᠭᠡᠷᠡᠭᠵᠢᠭᠦᠯᠦᠭᠰᠡᠨ ᠪᠠᠶᠢᠳᠠᠯ ᠂ ᠲᠤᠰ ᠭᠠᠵᠠᠷ ᠤᠷᠤᠨ᠂ ᠲᠤᠰ ᠰᠠᠯᠠᠭ᠎ᠠ ᠮᠦᠴᠢᠷ᠂ ᠲᠤᠰ ᠰᠢᠰᠲ᠋ᠧᠮ ᠤᠨ ᠵᠠᠭᠢᠳᠠᠯ | ᠰᠤᠷᠪᠤᠯᠵᠢᠯᠠᠭ᠎ᠠ ᠶᠢᠨ ᠠᠵᠢᠯ ᠤᠨ ᠲᠦᠷᠢᠮ ᠢ ᠨᠠᠶᠢᠳᠠᠪᠤᠷᠢᠵᠢᠭᠤᠯᠤᠭᠰᠠᠨ ᠪᠠᠶᠢᠳᠠᠯ᠂ ᠤᠯᠠᠨ ᠲᠦᠮᠡᠨ ᠤ | ᠲᠤᠰᠬᠠᠯ ᠴᠢᠩᠭ᠎ᠠ᠂ ᠨᠡᠶᠢᠭᠡᠮ ᠤᠨ ᠠᠩᠬᠠᠷᠤᠯ ᠦᠨᠳᠦᠷ᠂ ᠤᠳᠠᠭᠠᠨ ᠬᠤᠶᠢᠰᠢᠯᠠᠭᠤᠯᠵᠤ ᠰᠡᠶᠢᠳᠪᠦᠷᠢᠯᠡᠭᠡ ᠦᠬᠡᠢ | ᠬᠦᠨᠳᠦ ᠴᠢᠬᠤᠯᠠ ᠰᠡᠵᠢᠭ ᠡᠭᠡᠳᠡᠷᠡᠭᠡᠨ ᠲᠠᠢ ᠪᠤᠳᠤᠯᠢᠶᠠᠨᠳᠤ ᠵᠠᠭᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ | ᠰᠡᠶᠢᠳᠪᠤᠷᠢᠯᠡᠭᠰᠡᠨ ᠪᠠᠶᠢᠳᠠᠯ ᠵᠡᠷᠭᠡ ᠢ ᠭᠤᠤᠯᠳᠠᠯᠭᠠᠲᠠᠢ ᠭᠢᠨᠠᠨ ᠪᠠᠶᠢᠴᠠᠭᠠᠬᠤ ᠭᠡᠷᠡᠭᠲᠡᠢ᠃ ᠦᠪᠡᠷᠳᠡᠭᠡᠨ ᠵᠠᠰᠠᠬᠤ | ᠤᠷᠤᠨ ᠤ ᠲᠡᠰ ᠲᠤ ᠵᠢᠯ ᠪᠦᠷᠢ ᠬᠠᠮᠤᠭ ᠪᠠᠭ᠎ᠠ ᠳᠤ ᠪᠠᠨ ᠨᠢᠬᠡ ᠤᠳᠠᠭᠠᠨ ᠤ ᠲᠤᠰᠬᠠᠢ ᠲᠦᠷᠦᠯ ᠢᠶᠠᠷ ᠭᠢᠨᠠᠨ | ᠪᠠᠶᠢᠴᠠᠭᠠᠯᠳᠠ ᠶᠢ ᠦᠷᠨᠢᠬᠦᠯᠵᠦ᠂ ᠠᠶᠢᠮᠠᠭ ᠬᠤᠳᠠ᠂ ᠬᠤᠰᠢᠭᠤ ᠰᠢᠶᠠᠨ ᠤ ᠲᠠᠰ ᠲᠤ ᠬᠠᠮᠤᠭ ᠴᠦᠬᠡᠨ ᠳᠤ | ᠪᠡᠨᠬᠠᠭᠠᠰ ᠵᠢᠯ ᠲᠤᠳᠤᠮ ᠳᠤ ᠨᠢᠬᠡ ᠤᠳᠠᠭᠠᠨ ᠤ ᠲᠤᠰᠬᠠᠢ ᠲᠦᠷᠦᠯ ᠬᠢᠨᠠᠨ ᠪᠠᠶᠢᠴᠠᠭᠠᠯᠳᠠ ᠦᠷᠨᠢᠬᠦᠯᠵᠦ᠂ | ᠪᠠᠰᠠ ᠵᠤᠭᠢᠰᠲᠠᠢ ᠬᠦᠷᠢᠶ᠎ᠡ ᠭᠡᠪᠴᠢᠶᠠᠨ ᠳᠤ ᠬᠢᠨᠠᠨ ᠪᠠᠶᠢᠴᠠᠭᠠᠭᠰᠠᠨ ᠪᠠᠶᠢᠳᠠᠯ ᠢᠶᠠᠨ ᠵᠠᠷᠯᠠᠨ ᠮᠡᠳᠡᠭᠦᠯᠬᠦ ᠭᠡᠷᠡᠭᠲᠡᠢ᠃ | ᠡᠯ᠎ᠡ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠲᠤᠰᠬᠠᠢ ᠲᠦᠷᠦᠯ ᠤᠨ ᠭᠢᠨᠠᠨ | ᠪᠠᠶᠢᠴᠠᠭᠠᠯᠳᠠ ᠶᠢᠨ ᠠᠵᠢᠯ ᠨᠢ ᠵᠠᠷᠴᠢᠮ ᠲᠡᠭᠡᠷ᠎ᠡ ᠪᠠᠨ ᠠᠳᠠᠯᠢ ᠱᠠᠳᠤᠨ ᠤ ᠵᠠᠭᠢᠳᠠᠯ ᠰᠤᠷᠪᠤᠯᠵᠢᠯᠠᠭ᠎ᠠ ᠶᠢᠨ ᠠᠵᠢᠯ | ᠤᠨ ᠬᠤᠯᠪᠤᠭᠠᠳᠤ ᠬᠤᠷᠠᠯ ᠨᠢᠭᠡᠳᠦᠯᠲᠡᠢ ᠵᠤᠭᠢᠶᠠᠨ ᠪᠠᠶᠢᠭᠤᠯᠵᠤ᠂ ᠬᠠᠮᠢᠶ᠎ᠡ ᠪᠦᠭᠦᠢ ᠰᠠᠯᠠᠭ᠎ᠠ ᠮᠦᠴᠢᠷ ᠶᠢᠨ ᠬᠢᠨ | ᠤᠷᠤᠯᠴᠠᠨ᠎ᠠ᠃ ᠬᠢᠨᠠᠨ ᠪᠠᠶᠢᠴᠠᠭᠠᠭᠰᠠᠨ ᠦᠷ᠎ᠡ ᠳ᠋ᠦᠩ ᠢ ᠬᠢᠨᠠᠨ ᠪᠠᠶᠢᠴᠠᠭᠠᠭᠳᠠᠭᠰᠠᠨ ᠭᠠᠵᠠᠷ ᠤᠷᠤᠨ ᠤ ᠨᠠᠮ ᠤᠨ | ᠬᠤᠷᠢᠶ᠎ᠠ᠂ ᠵᠠᠰᠠᠭ ᠤᠨ ᠤᠷᠳᠤᠨ ᠪᠤᠶᠤ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠬᠠᠷᠢᠭᠤ ᠲᠤᠰᠬᠠᠨ᠂ ᠵᠠᠰᠠᠨ | ᠰᠠᠶᠢᠵᠢᠷᠠᠭᠤᠯᠬᠤ ᠰᠠᠨᠠᠭᠤᠯᠭ᠎ᠠ ᠲᠤᠷᠠᠳᠴᠤ᠂ ᠪᠠᠰᠠ ᠠᠳᠠᠯᠢ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ | ᠤᠷᠳᠤᠨ ᠳᠤ ᠪᠢᠴᠢᠭ ᠢᠶᠠᠷ ᠬᠢᠨᠠᠨ ᠪᠠᠶᠢᠴᠠᠭᠠᠭᠰᠠᠨ ᠮᠡᠳᠡᠭᠦᠯᠦᠯᠳᠡ ᠲᠤᠰᠢᠶᠠᠪᠠᠯ ᠵᠤᠭᠢᠨ᠎ᠠ᠃ ᠬᠢᠨᠠᠨ | ᠪᠠᠶᠢᠴᠠᠭᠠᠭᠳᠠᠭᠰᠠᠨ ᠭᠠᠵᠠᠷ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠤᠶᠤ ᠬᠠᠮᠢᠶ᠎ᠠ ᠪᠦᠬᠦᠢ | ᠰᠠᠯᠠᠭ᠎ᠠ ᠮᠦᠴᠢᠷ ᠬᠢᠨᠠᠨ ᠰᠠᠶᠢᠵᠢᠷᠠᠭᠤᠯᠬᠤ ᠰᠠᠨᠠᠯ ᠢ ᠦᠨᠳᠦᠰᠦᠯᠡᠨ ᠵᠠᠰᠠᠨ ᠴᠡᠭᠴᠡᠯᠡᠭᠦ ᠠᠷᠭ᠎ᠠ ᠭᠡᠮᠵᠢᠶ᠎ᠡ ᠶᠢ | ᠰᠤᠳᠤᠯᠤᠨ ᠲᠤᠭᠳᠠᠭᠠᠵᠤ᠂ ᠵᠠᠰᠠᠨ ᠰᠠᠶᠢᠵᠢᠷᠠᠭᠤᠯᠬᠤ ᠶᠢ ᠨᠠᠶᠢᠳᠠᠪᠤᠷᠢᠵᠢᠭᠤᠯᠬᠤ ᠶᠢ ᠰᠠᠶᠢᠳᠤᠷ ᠠᠳᠬᠤᠪᠠᠯ | ᠵᠤᠭᠢᠨ᠎ᠠ᠃ | ᠠᠷᠪᠠᠳᠤᠭᠠᠷ ᠵᠤᠷᠪᠤᠰ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠬᠠᠤᠯᠢ ᠶᠤᠰᠤᠭᠠᠷ᠂ ᠴᠠᠭ | ᠲᠤᠬᠠᠢ ᠳᠤᠨᠢ᠂ ᠲᠤᠬᠠᠢ ᠶᠢᠨ ᠭᠠᠵᠠᠷ ᠲᠤᠨᠢ ᠵᠠᠭᠢᠳᠠᠯ ᠰᠤᠷᠪᠤᠯᠵᠢᠯᠠᠭ᠎ᠠ ᠶᠢᠨ ᠠᠵᠢᠯ ᠢ ᠰᠡᠶᠢᠳᠪᠤᠷᠢᠯᠡᠭᠦ ᠪᠠᠷ | ᠤᠳᠤᠷᠢᠳᠤᠮᠵᠢ ᠪᠤᠯᠭᠠᠨ᠂ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠭᠢᠨᠠᠨ ᠰᠢᠯᠭᠠᠬᠤ ᠲᠤᠭᠳᠠᠯᠴᠠᠭ᠎ᠠ ᠶᠢ | ᠪᠠᠶᠢᠭᠤᠯᠤᠨ ᠲᠡᠭᠦᠯᠳᠡᠷᠵᠢᠬᠦᠯᠵᠦ᠂ ᠰᠢᠨᠵᠢᠯᠡᠭᠦ ᠤᠬᠠᠭᠠᠨᠴᠢ ᠲᠤᠭᠢᠷᠠᠮᠵᠢᠲᠠᠢ ᠬᠢᠨᠠᠨ ᠦᠨᠡᠯᠡᠭᠦ ᠪᠠᠷᠢᠮᠵᠢᠶ᠎ᠡ ᠪᠤᠯᠤᠨ | ᠵᠢᠭᠠᠯᠳᠠᠨᠤᠷᠮᠠ ᠶᠢᠨ ᠰᠢᠰᠲ᠋ᠧᠮ ᠢ ᠲᠤᠭᠳᠠᠭᠠᠵᠤ᠂ ᠲᠤᠭᠳᠠᠭᠰᠠᠨ ᠬᠤᠭᠤᠴᠠᠭ᠎ᠠ ᠲᠠᠢ ᠪᠠᠷ ᠲᠤᠬᠠᠢ ᠶᠢᠨ ᠭᠠᠵᠠᠷ | ᠤᠷᠤᠨ᠂ ᠰᠠᠯᠠᠭ᠎ᠠ ᠮᠦᠴᠢᠷ᠂ ᠰᠢᠰᠲ᠋ᠧᠮ ᠤᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠪᠠᠶᠢᠳᠠᠯ ᠳᠤ ᠬᠢᠨᠠᠨ | ᠦᠨᠡᠯᠡᠯᠳᠡ ᠭᠢᠵᠦ᠂ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠪᠤᠯᠤᠨ ᠲᠡᠭᠡᠳᠦ | ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ | ᠰᠡᠶᠢᠳᠪᠤᠷᠢ ᠪᠠᠶᠢᠷᠢᠯᠠᠭᠤᠯᠤᠯᠳᠠ ᠶᠢ ᠲᠤᠤᠱᠯᠠᠭᠤᠯᠤᠨ ᠨᠠᠶᠢᠳᠠᠪᠤᠷᠢᠵᠢᠭᠤᠯᠤᠭᠰᠠᠨ ᠪᠠᠶᠢᠳᠠᠯ᠂ ᠤᠨ ᠤ | ᠭᠤᠤᠯᠳᠠᠯᠭᠠᠳᠤ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠡᠬᠦᠷᠭᠡ ᠪᠠᠨ ᠪᠡᠶᠡᠯᠡᠭᠦᠯᠡᠭᠰᠡᠨ ᠪᠠᠶᠢᠳᠠᠯ᠂ ᠵᠠᠭᠢᠳᠠᠯ | ᠰᠤᠷᠪᠤᠯᠵᠢᠯᠠᠭ᠎ᠠ ᠶᠢᠨ ᠲᠤᠪᠤᠶᠢᠮ᠎ᠠ ᠠᠰᠠᠭᠤᠳᠠᠯ ᠢ ᠰᠡᠶᠢᠳᠪᠦᠷᠢᠯᠡᠭᠰᠡᠨ ᠪᠠᠶᠢᠳᠠᠯ ᠪᠤᠯᠤᠨ ᠵᠠᠭᠢᠳᠠᠯ | ᠰᠤᠷᠪᠤᠯᠵᠢᠯᠠᠭ᠎ᠠ ᠶᠢᠨ ᠠᠵᠢᠯ ᠤᠨ ᠬᠠᠷᠢᠭᠤᠴᠠᠯᠭ᠎ᠠ ᠶᠢᠨ ᠲᠦᠷᠢᠮ ᠢ ᠨᠠᠶᠢᠳᠠᠪᠤᠷᠢᠵᠢᠭᠤᠯᠤᠭᠰᠠᠨ ᠪᠠᠶᠢᠳᠠᠯ ᠵᠡᠷᠭᠡ | ᠶᠢ ᠭᠤᠤᠯᠳᠠᠯᠭᠠᠲᠠᠢ ᠭᠢᠨᠡᠨ ᠦᠨᠡᠯᠡᠨ᠎ᠡ᠃ ᠬᠢᠨᠠᠨ ᠦᠨᠡᠯᠡᠭᠰᠡᠨ ᠦᠷ᠎ᠡ ᠳ᠋ᠦᠩ ᠢ ᠤᠳᠤᠷᠢᠳᠬᠤ ᠪᠠᠭ ᠪᠤᠯᠤᠨ | ᠤᠳᠤᠷᠢᠳᠬᠤ ᠺᠡᠲᠡᠷ ᠤᠨ ᠶᠡᠷᠦᠩᠬᠡᠶᠢᠯᠡᠭᠰᠡᠨ ᠬᠢᠨᠠᠨ ᠦᠨᠡᠯᠡᠯᠳᠡ ᠶᠢᠨ ᠴᠢᠬᠤᠯᠠ ᠯᠠᠪᠯᠠᠯᠳᠠ ᠪᠤᠯᠭᠠᠨ᠎ᠠ᠃ | ᠡᠯ᠎ᠡ ᠱᠠᠳᠤᠨ ᠤ ᠵᠤᠭᠢᠶᠠᠨ ᠪᠠᠶᠢᠭᠤᠯᠬᠤ᠂ ᠠᠵᠢᠯᠳᠠᠨ ᠤ ᠶᠠᠪᠤᠳᠠᠯ ᠤᠨ ᠰᠠᠯᠠᠭ᠎ᠠ ᠮᠦᠴᠢᠷ ᠺᠡᠲᠡᠷ ᠤᠨ | ᠭᠢᠨᠠᠨ ᠪᠠᠶᠢᠴᠠᠭᠠᠬᠤ ᠠᠵᠢᠯ ᠤᠨ ᠲᠤᠮᠳᠠ᠂ ᠵᠠᠭᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠤᠨ ᠰᠠᠨᠠᠯ ᠢ | ᠰᠤᠨᠤᠰᠴᠤ᠂ ᠤᠳᠤᠷᠢᠳᠬᠤ ᠺᠡᠲᠡᠷ ᠤᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠡᠭᠦᠷᠭᠡ ᠬᠠᠷᠢᠭᠤᠴᠠᠯᠭ᠎ᠠ | ᠢᠶᠠᠨ ᠪᠡᠶᠡᠯᠡᠭᠦᠯᠦᠭᠰᠡᠨ ᠪᠠᠶᠢᠳᠠᠯ ᠢ ᠤᠶᠢᠯᠠᠭᠠᠨ ᠡᠵᠡᠮᠳᠡᠪᠡᠯ ᠵᠤᠭᠢᠨ᠎ᠠ᠃ | ᠦᠪᠡᠷᠳᠡᠭᠡᠨ ᠵᠠᠰᠠᠬᠤ ᠤᠷᠤᠨ ᠤ ᠵᠠᠭᠢᠳᠠᠯ ᠰᠤᠷᠪᠤᠯᠵᠢᠯᠠᠭ᠎ᠠ ᠶᠢᠨ ᠲᠤᠪᠴᠢᠶᠠᠨ ᠤ ᠬᠠᠷᠢᠭᠤᠴᠠᠯᠭᠠᠳᠠᠨ | ᠡᠯ᠎ᠡ ᠠᠶᠢᠮᠠᠭ ᠬᠤᠳᠠ ᠶᠢᠨ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠪᠠᠶᠢᠳᠠᠯ ᠳᠤ ᠤᠨ ᠤ ᠬᠢᠨᠠᠨ | ᠦᠨᠡᠯᠡᠯᠳᠡ ᠭᠢᠨ᠎ᠡ᠃ ᠠᠵᠢᠯ ᠤᠨ ᠦᠷ᠎ᠡ ᠪᠦᠳᠦᠮᠵᠢ ᠢᠯᠡᠳᠳᠡ ᠠᠶᠢᠮᠠᠭ ᠬᠤᠳᠠ ᠳᠤ ᠬᠠᠮᠢᠶ᠎ᠠ ᠪᠦᠬᠦᠢ | ᠲᠤᠭᠳᠠᠭᠠᠯ ᠶᠤᠰᠤᠭᠠᠷ ᠰᠠᠶᠢᠰᠢᠶᠠᠨ ᠬᠦᠬᠢᠬᠦᠯᠬᠡ ᠶᠢᠨ ᠵᠠᠷᠯᠠᠯ ᠶᠠᠪᠤᠭᠤᠯᠵᠤ᠂ ᠠᠰᠠᠭᠤᠳᠠᠯ ᠨᠡᠯᠢᠶᠠᠳ ᠤᠯᠠᠨ ᠠᠶᠢᠮᠠᠭ | ᠬᠤᠳᠠ ᠳᠤ ᠠᠵᠢᠯ ᠤᠨ ᠵᠢᠯᠤᠭᠤᠳᠤᠯᠭ᠎ᠠ ᠪᠠᠨ ᠴᠢᠩᠭᠠᠳᠬᠠᠵᠤ᠂ ᠤᠷᠤᠰᠢᠵᠦ ᠪᠠᠶᠢᠭ᠎ᠠ ᠠᠰᠠᠭᠤᠳᠠᠯ ᠢ ᠬᠢᠨᠠᠨ | ᠱᠠᠭᠠᠷᠳᠠᠵᠦ ᠰᠡᠶᠢᠳᠪᠦᠷᠢᠯᠡᠭᠦᠯᠦᠨᠡ᠃ | ᠲᠦᠷᠪᠡᠳᠦᠭᠡᠷ ᠪᠦᠯᠦᠭ ᠬᠠᠷᠢᠭᠤᠴᠠᠯᠭ᠎ᠠ ᠨᠡᠭᠡᠮᠵᠢᠯᠡᠭᠦ | ᠠᠷᠪᠠᠨ ᠨᠢᠬᠡᠳᠦᠭᠡᠷ ᠵᠤᠷᠪᠤᠰ ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠪᠤᠯᠤᠨ ᠲᠡᠭᠦᠨ ᠤ | ᠤᠳᠤᠷᠢᠳᠬᠤ ᠺᠡᠲᠡᠷ᠂ ᠠᠵᠢᠯᠳᠠᠨ ᠲᠤᠰ ᠨᠠᠷᠢᠨ ᠲᠦᠷᠢᠮ ᠤᠨ ᠵᠢᠭᠰᠠᠭᠠᠭᠰᠠᠨ ᠬᠠᠷᠢᠭᠤᠴᠠᠯᠭ᠎ᠠ ᠶᠢᠨ ᠠᠭᠤᠯᠭ᠎ᠠ | ᠶᠢ ᠪᠡᠶᠡᠯᠡᠭᠦᠯᠡᠭᠰᠡᠨ ᠦᠬᠡᠢ ᠪᠤᠶᠤ ᠵᠦᠪ ᠤᠨᠤᠪᠴᠢᠲᠠᠢ ᠪᠡᠶᠡᠯᠡᠭᠦᠯᠵᠦ ᠭᠡᠷᠡᠭᠵᠢᠬᠦᠯᠦᠭᠰᠡᠨ ᠦᠬᠡᠢ ᠂ ᠲᠤᠤᠷ᠎ᠠ | ᠵᠢᠭᠰᠠᠭᠠᠭᠰᠠᠨ ᠪᠠᠶᠢᠳᠠᠯ ᠤᠨ ᠨᠢᠬᠡ ᠨᠢ ᠤᠷᠤᠰᠢᠪᠠᠯ ᠂ ᠬᠠᠷᠢᠭᠤᠴᠠᠯᠭ᠎ᠠ ᠨᠡᠭᠡᠮᠵᠢᠯᠡᠪᠡᠯ ᠵᠤᠭᠢᠨ᠎ᠠ ᠄ | ︵ᠨᠢᠬᠡ︶ ᠰᠡᠶᠢᠳᠪᠤᠷᠢ ᠪᠤᠳᠤᠯᠭ᠎ᠠ ᠶᠢᠨ ᠠᠯᠳᠠᠭᠳᠠᠯ ᠂ ᠠᠵᠢᠯ ᠤᠨ ᠬᠠᠷᠢᠭᠤᠴᠠᠯᠭ᠎ᠠ ᠠᠯᠳᠠᠬᠤ ᠠᠴᠠ | ᠪᠤᠯᠵᠤ ᠤᠯᠠᠨ ᠲᠦᠮᠡᠨ ᠤ ᠠᠰᠢᠭ ᠲᠤᠰᠠ ᠶᠢ ᠬᠤᠭᠢᠷᠠᠭᠤᠯᠵᠤ᠂ ᠵᠠᠭᠢᠳᠠᠯ ᠰᠤᠷᠪᠤᠯᠵᠢᠯᠠᠭ᠎ᠠ ᠶᠢᠨ ᠠᠰᠠᠭᠤᠳᠠᠯ | ᠡᠭᠦᠰᠭᠦ ᠳᠤ ᠭᠦᠷᠭᠡᠵᠦ᠂ ᠬᠦᠨᠳᠦ ᠨᠤᠴᠢᠲᠡᠢ ᠦᠷ᠎ᠡ ᠳ᠋ᠦᠩ ᠢ ᠪᠤᠢ ᠪᠤᠯᠭᠠᠭᠰᠠᠨ︔ | ︵ᠬᠤᠶᠠᠷ︶ ᠲᠦᠷᠢᠮ ᠲᠤᠭᠳᠠᠭᠠᠯ ᠶᠤᠰᠤᠭᠠᠷ ᠵᠠᠭᠢᠳᠠᠯ ᠰᠤᠷᠪᠤᠯᠵᠢᠯᠠᠭ᠎ᠠ ᠶᠢᠨ ᠵᠤᠶᠢᠯ ᠢ ᠬᠦᠯᠢᠶᠡᠨ | ᠰᠡᠶᠢᠳᠪᠦᠷᠢᠯᠡᠵᠦ᠂ ᠲᠤᠰᠢᠶᠠᠨ ᠰᠡᠶᠢᠳᠪᠦᠷᠢᠯᠡᠬᠦᠯᠵᠦ᠂ ᠰᠢᠯᠵᠢᠬᠦᠯᠦᠨ ᠬᠦᠷᠭᠡᠭᠰᠡᠨ ᠦᠬᠡᠢ ᠪᠤᠶᠤ ᠵᠠᠭᠢᠳᠠᠯ | ᠰᠤᠷᠪᠤᠯᠵᠢᠯᠠᠭ᠎ᠠ ᠶᠢᠨ ᠵᠤᠶᠢᠯ ᠤᠨ ᠰᠡᠶᠢᠳᠪᠤᠷᠢᠯᠡᠭᠦ ᠰᠠᠨᠠᠯ ᠢ ᠭᠡᠷᠡᠭᠵᠢᠭᠦᠯᠦᠭᠰᠡᠨ ᠦᠬᠡᠢ᠂ ᠵᠠᠭᠢᠳᠠᠯ | ᠰᠤᠷᠪᠤᠯᠵᠢᠯᠠᠭ᠎ᠠ ᠭᠢᠭᠰᠡᠨ ᠤᠯᠠᠨ ᠲᠦᠮᠡᠨ ᠤ ᠬᠠᠤᠯᠢ ᠶᠤᠰᠤᠨ ᠤ ᠡᠷᠭᠡ ᠠᠰᠢᠭ ᠶᠢ ᠬᠦᠨᠳᠦ ᠨᠤᠴᠢᠲᠠᠢ | ᠬᠤᠭᠢᠷᠠᠭᠤᠯᠤᠭᠰᠠᠨ︔ | ︵ᠭᠤᠷᠪᠠ︶ ᠤᠯᠠᠨ ᠲᠦᠮᠡᠨᠴᠢ ᠰᠠᠭᠢᠯᠭ᠎ᠠ ᠪᠠᠳᠤ ᠶᠢ ᠡᠪᠳᠡᠨ᠂ ᠰᠡᠶᠢᠳᠪᠤᠷᠢᠯᠡᠪᠡᠯ ᠵᠤᠭᠢᠰᠲᠡᠢ ᠤᠯᠠᠨ | ᠲᠦᠮᠡᠨ ᠤ ᠬᠠᠤᠯᠢ ᠶᠤᠰᠤᠨ ᠤ ᠱᠠᠭᠠᠷᠳᠠᠯᠭ᠎ᠠ ᠢ ᠨᠠᠵᠠᠭᠠᠢ ᠪᠠᠷ ᠠᠷᠭᠠᠴᠠᠭᠠᠨ᠂ ᠲᠦᠯᠬᠢᠵᠦ ᠰᠢᠯᠵᠢᠬᠦᠯᠦᠨ | ᠰᠢᠯᠳᠠᠵᠤ ᠬᠤᠶᠢᠰᠢᠯᠠᠭᠤᠯᠤᠭᠰᠠᠨ᠂ ᠡᠰᠡᠭᠦᠯ᠎ᠡ ᠵᠠᠭᠢᠳᠠᠯ ᠰᠤᠷᠪᠤᠯᠵᠢᠯᠠᠭ᠎ᠠ ᠶᠢᠨ ᠤᠯᠠᠨ ᠲᠦᠮᠡᠨ ᠳᠤ ᠤᠪᠤᠷ | ᠮᠠᠭᠤ᠂ ᠲᠦᠭᠦᠮ ᠪᠦᠳᠦᠭᠦᠯᠢᠭ ᠬᠠᠨᠳᠤᠵᠤ᠂ ᠨᠠᠮ ᠪᠤᠯᠤᠨ ᠤᠯᠠᠨ ᠲᠦᠮᠡᠨ᠂ ᠺᠡᠲᠡᠷ ᠪᠤᠯᠤᠨ ᠤᠯᠠᠨ ᠲᠦᠮᠡᠨ ᠤ | ᠬᠠᠷᠢᠴᠠᠭ᠎ᠠ ᠶᠢ ᠬᠤᠭᠢᠷᠠᠭᠤᠯᠤᠨ᠂ ᠬᠦᠨᠳᠦ ᠨᠤᠴᠢᠲᠡᠢ ᠦᠷ᠎ᠡ ᠳ᠋ᠦᠩ ᠳᠤ ᠬᠦᠷᠭᠡᠭᠰᠡᠨ︔ | ︵ᠲᠦᠷᠪᠡ︶ ᠱᠠᠭᠠᠷᠳᠠᠯᠭ᠎ᠠ ᠶᠤᠰᠤᠭᠠᠷ ᠰᠡᠶᠢᠳᠪᠦᠷᠢᠯᠡᠭᠰᠡᠨ ᠦᠬᠡᠢ ᠪᠤᠶᠤ ᠲᠤᠭᠳᠠᠭᠠᠭᠰᠠᠨ ᠴᠠᠭ ᠤᠨ | ᠲᠤᠳᠤᠷ᠎ᠠ ᠵᠠᠭᠢᠳᠠᠯ ᠰᠤᠷᠪᠤᠯᠵᠢᠯᠠᠭ᠎ᠠ ᠶᠢᠨ ᠵᠤᠶᠢᠯ ᠢ ᠪᠡᠶᠡᠯᠡᠭᠦᠯᠦᠨ ᠲᠠᠭᠤᠰᠬᠠᠭᠰᠠᠨ ᠦᠬᠡᠢ ᠠᠴᠠ ᠪᠤᠯᠵᠤ | ᠵᠦᠷᠢᠴᠡᠯ ᠢ ᠬᠤᠷᠴᠠᠳᠬᠠᠨ ᠲᠡᠪᠡᠷᠡᠭᠦᠯᠵᠦ᠂ ᠮᠠᠭᠤ ᠨᠦᠯᠦᠬᠡ᠂ ᠬᠦᠨᠳᠤ ᠨᠤᠴᠢᠲᠠᠢ ᠦᠷ᠎ᠡ ᠳ᠋ᠦᠩ ᠳᠤ | ᠬᠦᠷᠭᠡᠭᠰᠡᠨ ︔ | ︵ᠲᠠᠪᠤ︶ ᠵᠠᠭᠢᠳᠠᠯ ᠰᠤᠷᠪᠤᠯᠵᠢᠯᠠᠭ᠎ᠠ ᠶᠢᠨ ᠮᠠᠲ᠋ᠧᠷᠢᠶᠠᠯ ᠢ ᠤᠷᠬᠢᠵᠦ ᠬᠡᠬᠡᠭᠳᠡᠭᠦᠯᠦᠭᠰᠡᠨ᠂ ᠨᠢᠭᠤᠵᠤ | ᠲᠠᠯᠳᠠᠯᠠᠭᠰᠠᠨ᠂ ᠡᠪᠳᠡᠵᠦ ᠰᠦᠢᠳᠭᠡᠭᠰᠡᠨ᠂ ᠭᠤᠶᠢᠪᠢᠭᠤᠯᠤᠨ ᠦᠭᠡᠷᠡᠴᠢᠯᠡᠭᠰᠡᠨ︔ | ︵ᠵᠢᠷᠭᠤᠭ᠎ᠠ︶ ᠵᠠᠭᠢᠳᠠᠯ ᠰᠤᠷᠪᠤᠯᠵᠢᠯᠠᠭ᠎ᠠ ᠭᠢᠭᠴᠢ ᠶᠢᠨ ᠢᠯᠡᠴᠢᠯᠡᠭᠰᠡᠨ ᠮᠠᠲ᠋ᠧᠷᠢᠶᠠᠯ ᠪᠤᠯᠤᠨ ᠨᠢᠭᠤᠴᠠ ᠶᠢ | ᠬᠠᠮᠠᠭᠠᠯᠠᠬᠤ ᠱᠠᠭᠠᠷᠳᠠᠯᠭ᠎ᠠ ᠲᠠᠢ ᠬᠠᠮᠢᠶ᠎ᠡ ᠪᠦᠬᠦᠢ ᠪᠠᠶᠢᠳᠠᠯ ᠢ ᠲᠦᠷᠢᠮ ᠵᠦᠷᠢᠴᠡᠨ ᠢᠯᠡᠴᠢᠯᠡᠭᠳᠡᠭᠰᠡᠨ ᠬᠦᠮᠦᠨ | ᠪᠤᠶᠤ ᠬᠠᠮᠢᠶ᠎ᠡ ᠦᠬᠡᠢ ᠬᠦᠮᠦᠨ ᠳᠤ ᠲᠡᠮᠵᠢᠭᠤᠯᠤᠨᠦᠭᠭᠦ ᠪᠤᠶᠤ ᠯᠠᠪᠠᠷᠡᠬᠦᠯᠬᠦ︔ | ︵ ᠲᠤᠯᠤᠭ᠎ᠠ︶ ᠨᠡᠶᠢᠭᠡᠮ ᠤᠨ ᠨᠦᠯᠦᠬᠡ ᠭᠠᠷᠴᠤ ᠮᠡᠳᠡᠭᠦ ᠬᠦᠨᠳᠦ ᠲᠤᠮᠤ᠂ ᠪᠠᠴᠢᠮ ᠵᠠᠭᠢᠳᠠᠯ | ᠰᠤᠷᠪᠤᠯᠵᠢᠯᠠᠭ᠎ᠠ ᠶᠢᠨ ᠵᠤᠶᠢᠯ ᠪᠤᠯᠤᠨ ᠵᠠᠭᠢᠳᠠᠯ ᠰᠤᠷᠪᠤᠯᠵᠢᠯᠠᠭ᠎ᠠ ᠶᠢᠨ ᠰᠤᠷᠠᠭ ᠵᠠᠩᠬᠢ ᠶᠢ ᠮᠡᠳᠡᠭᠦᠯᠬᠦ ᠦᠬᠡᠢ | ᠲᠠᠷᠤᠬᠤ᠂ ᠤᠷᠤᠢ ᠮᠡᠳᠡᠭᠦᠯᠬᠦ᠂ ᠠᠯᠭᠤᠷᠯᠠᠵᠤ ᠮᠡᠳᠡᠭᠦᠯᠬᠦ᠂ ᠭᠡᠭᠡᠭᠳᠡᠭᠦᠯᠵᠦ ᠮᠡᠳᠡᠭᠦᠯᠦᠭᠡᠳ ᠬᠦᠨᠳᠦ ᠨᠤᠴᠢᠲᠠᠢ | ᠦᠷ᠎ᠡ ᠨᠦᠯᠦᠬᠡ ᠭᠠᠷᠭᠠᠭᠰᠠᠨ︔ | ︵ᠨᠠᠢᠮᠠ︶ ᠨᠢᠬᠡᠨᠳᠡ ᠡᠭᠦᠰᠦᠭᠰᠡᠨ ᠤᠯᠠᠨ ᠨᠡᠶᠢᠳᠡ ᠶᠢᠨ ᠵᠠᠭᠢᠳᠠᠯ ᠰᠤᠷᠪᠤᠯᠵᠢᠯᠠᠭ᠎ᠠ ᠪᠤᠶᠤ ᠵᠠᠭᠢᠳᠠᠯ | ᠰᠤᠷᠪᠤᠯᠵᠢᠯᠠᠭ᠎ᠠ ᠶᠢᠨ ᠨᠠᠵᠠᠭᠠᠢ ᠲᠠᠯ᠎ᠠ ᠶᠢᠨ ᠶᠠᠷᠢᠶ᠎ᠠ ᠭᠡᠯᠡᠯᠴᠡᠭᠡᠨ ᠢ ᠰᠡᠢᠳᠪᠦᠷᠢᠯᠡᠭᠰᠡᠨ ᠨᠢ ᠰᠤᠯᠠᠮᠠᠭ ᠠᠴᠠ | ᠪᠤᠯᠵᠤ ᠭᠡᠷᠡᠭ ᠶᠠᠪᠤᠳᠠᠯ ᠤᠨ ᠪᠠᠶᠢᠳᠠᠯ ᠢ ᠬᠦᠨᠳᠦᠷᠡᠭᠦᠯᠵᠦ᠂ ᠮᠠᠭᠤ ᠨᠦᠯᠦᠬᠡ ᠲᠤᠰᠬᠠᠯ ᠭᠠᠷᠭᠠᠭᠰᠠᠨ︔ | ︵ᠶᠢᠰᠦ︶ ᠤᠳᠤᠷᠢᠳᠬᠤ ᠺᠡᠲᠡᠷ ᠲᠤᠭᠳᠠᠮᠠᠯ ᠬᠤᠭᠤᠴᠠᠭ᠎ᠠ ᠲᠠᠢ ᠪᠠᠷ ᠵᠠᠭᠢᠳᠠᠯ ᠰᠤᠷᠪᠤᠯᠵᠢᠯᠠᠭ᠎ᠠ ᠶᠢ | ᠬᠦᠯᠢᠶᠡᠨ ᠠᠪᠬᠤ᠂ ᠲᠤᠷᠤᠭᠰᠢ ᠪᠠᠭᠤᠬᠤ᠂ ᠭᠡᠷᠡᠭ ᠲᠠᠭᠠᠭᠠᠴᠢᠯᠠᠬᠤ ᠬᠠᠷᠢᠭᠤᠴᠠᠯᠭ᠎ᠠ ᠪᠠᠨ ᠨᠠᠶᠢᠳᠠᠪᠤᠷᠢᠵᠢᠭᠤᠯᠬᠤ | ᠦᠬᠡᠢ᠂ ᠡᠰᠡᠭᠦᠯ᠎ᠡ ᠵᠠᠭᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠤᠨ ᠲᠤᠷᠠᠳᠤᠭᠰᠠᠨ ᠠᠵᠢᠯ ᠢᠶᠠᠨ ᠬᠠᠯᠠᠨ | ᠰᠠᠶᠢᠵᠢᠷᠠᠭᠤᠯᠵᠤ᠂ ᠲᠦᠷᠦ ᠶᠢᠨ ᠪᠤᠳᠤᠯᠭ᠎ᠠ ᠪᠠᠨ ᠲᠡᠭᠦᠯᠳᠡᠷᠵᠢᠬᠦᠯᠬᠦ ᠪᠤᠯᠤᠨ ᠰᠢᠳᠭᠡᠯ ᠦᠭᠭᠦ ᠵᠡᠷᠭᠡ ᠰᠠᠨᠠᠭᠤᠯᠭ᠎ᠠ | ᠶᠢ ᠬᠦᠨᠳᠦᠳᠭᠡᠨ ᠦᠵᠡᠭᠰᠡᠨ ᠪᠠᠷ ᠬᠦᠷᠦᠯᠴᠡᠭᠦ ᠦᠬᠡᠢ᠂ ᠨᠠᠶᠢᠳᠠᠪᠤᠷᠢᠵᠢᠭᠤᠯᠤᠭᠰᠠᠨ ᠢᠶᠠᠷ ᠰᠤᠯᠠᠮᠠᠭ ᠠᠴᠠ | ᠪᠤᠯᠵᠤ ᠠᠰᠠᠭᠤᠳᠠᠯ ᠤᠷᠳᠤ ᠬᠤᠭᠤᠴᠠᠭ᠎ᠠ ᠪᠠᠷ ᠰᠡᠢᠳᠪᠤᠷᠢᠯᠡᠭᠳᠡᠭᠰᠡᠨ ᠦᠬᠡᠢ ᠪᠠᠶᠢᠳᠠᠯ ᠢ ᠡᠭᠦᠰᠭᠡᠭᠰᠡᠨ︔ | ︵ᠠᠷᠪᠠ︶ ᠬᠠᠷᠢᠭᠤᠴᠠᠯᠭ᠎ᠠ ᠨᠡᠭᠡᠮᠵᠢᠯᠡᠪᠡᠯ ᠵᠤᠭᠢᠰᠲᠡᠢ ᠪᠤᠰᠤᠳᠡᠭᠦᠷᠭᠡ ᠬᠠᠷᠢᠭᠤᠴᠠᠯᠭ᠎ᠠ ᠢᠶᠠᠨ | ᠠᠯᠳᠠᠭᠰᠠᠨ ᠪᠠᠶᠢᠳᠠᠯ︔ | ᠡᠮᠦᠨ᠎ᠡ ᠵᠤᠷᠪᠤᠰ ᠲᠤᠭᠳᠠᠭᠠᠯ ᠳᠤ ᠬᠤᠯᠪᠤᠭᠳᠠᠬᠤ ᠬᠠᠮᠳᠤ ᠨᠠᠶᠢᠳᠠ ᠶᠢᠨ ᠬᠠᠷᠢᠭᠤᠴᠠᠯᠭ᠎ᠠ ᠢ | ᠤᠳᠤᠷᠢᠳᠬᠤ ᠪᠠᠭ ᠤᠨ ᠭᠤᠤᠯ ᠬᠠᠷᠢᠭᠤᠴᠠᠯᠭᠠᠳᠠᠨ ᠪᠤᠯᠤᠨ ᠰᠢᠭᠤᠳ ᠭᠤᠤᠯᠯᠠᠨ ᠬᠠᠮᠢᠶᠠᠷᠴᠦ ᠪᠠᠶᠢᠭ᠎ᠠ | ᠬᠠᠷᠢᠭᠤᠴᠠᠯᠭᠠᠳᠠᠨ ᠭᠤᠤᠯ ᠤᠳᠤᠷᠢᠳᠤᠯᠭ᠎ᠠ ᠶᠢᠨ ᠬᠠᠷᠢᠭᠤᠴᠠᠯᠭ᠎ᠠ ᠶᠢ ᠡᠭᠦᠷᠭᠡᠯᠡᠵᠦ᠂ ᠰᠡᠶᠢᠳᠪᠤᠷᠢ ᠪᠤᠳᠤᠯᠭ᠎ᠠ | ᠲᠤᠭᠳᠠᠭᠠᠬᠤ ᠪᠤᠶᠤ ᠠᠵᠢᠯ ᠳᠤ ᠤᠷᠤᠯᠴᠠᠭᠰᠠᠨ ᠤᠳᠤᠷᠢᠳᠬᠤ ᠪᠠᠭ ᠤᠨ ᠪᠤᠰᠤᠳ ᠭᠡᠰᠢᠬᠦᠨ ᠴᠢᠬᠤᠯᠠ | ᠤᠳᠤᠷᠢᠳᠤᠯᠭ᠎ᠠ ᠶᠢᠨ ᠬᠠᠷᠢᠭᠤᠴᠠᠯᠭ᠎ᠠ ᠡᠭᠦᠷᠭᠡᠭᠯᠡᠨ᠂ ᠪᠤᠷᠤᠭᠤ ᠪᠤᠳᠤᠯᠭ᠎ᠠ ᠰᠡᠢᠳ ᠪᠤᠶᠤ ᠠᠵᠢᠯᠯᠠᠭ᠎ᠠ ᠳᠤ | ᠲᠤᠳᠤᠷᠬᠠᠢ ᠡᠰᠡᠷᠭᠦᠴᠡᠭᠦ ᠰᠠᠨᠠᠯ ᠲᠤᠷᠠᠳᠤᠭᠰᠠᠨ ᠪᠤᠯᠪᠠᠴᠤ ᠰᠠᠨᠠᠯ ᠢ ᠡᠰᠡ ᠬᠦᠯᠢᠶᠠᠨ ᠠᠪᠤᠭᠰᠠᠨ ᠪᠤᠯ | ᠤᠳᠤᠷᠢᠳᠤᠯᠭ᠎ᠠ ᠶᠢᠨ ᠬᠠᠷᠢᠭᠤᠴᠠᠯᠭ᠎ᠠ ᠡᠭᠦᠷᠭᠡᠯᠡᠭᠦ ᠦᠬᠡᠢ ︔ ᠬᠤᠯᠪᠤᠭᠳᠠᠬᠤ ᠬᠤᠪᠢ ᠬᠦᠮᠦᠨ ᠤ | ᠬᠠᠷᠢᠭᠤᠴᠠᠯᠭ᠎ᠠ ᠶᠢ ᠪᠤᠳᠠᠳᠠᠢ ᠬᠠᠷᠢᠭᠤᠴᠠᠭᠰᠠᠨ ᠠᠵᠢᠯᠳᠠᠨ ᠰᠢᠭᠤᠳ ᠬᠠᠷᠢᠭᠤᠴᠠᠯᠭ᠎ᠠ ᠶᠢ ᠡᠭᠦᠷᠭᠡᠯᠡᠵᠦ᠂ | ᠤᠳᠤᠷᠢᠳᠬᠤ ᠪᠠᠭ ᠤᠨ ᠭᠤᠤᠯ ᠬᠠᠷᠢᠭᠤᠴᠠᠯᠭᠠᠳᠠᠨ ᠪᠤᠯᠤᠨ ᠰᠢᠭᠤᠳ ᠭᠤᠤᠯᠯᠠᠨ ᠬᠠᠮᠢᠶᠠᠷᠴᠦ ᠪᠠᠶᠢᠭ᠎ᠠ | ᠬᠠᠷᠢᠭᠤᠴᠠᠯᠭᠠᠳᠠᠨ ᠤᠳᠤᠷᠢᠳᠤᠯᠭ᠎ᠠ ᠶᠢᠨ ᠬᠠᠷᠢᠭᠤᠴᠠᠯᠭ᠎ᠠ ᠶᠢ ᠡᠭᠦᠷᠭᠡᠯᠡᠨ᠎ᠡ᠃ | ᠠᠷᠪᠠᠨ ᠬᠤᠶᠠᠳᠤᠭᠠᠷ ᠵᠤᠷᠪᠤᠰ ᠪᠠᠶᠢᠳᠠᠯ ᠤᠨ ᠬᠦᠨᠳᠦ ᠬᠦᠩᠬᠡᠨ ᠢ ᠦᠨᠳᠦᠰᠦᠯᠡᠵᠦ᠂ ᠡᠯ᠎ᠡ ᠱᠠᠳᠤᠨ ᠤ | ᠨᠠᠮ ᠵᠠᠰᠠᠭ ᠤᠨ ᠪᠠᠶᠢᠭᠤᠯᠤᠯᠭ᠎ᠠ ᠶᠢᠨ ᠤᠳᠤᠷᠢᠳᠬᠤ ᠺᠡᠲᠡᠷ᠂ ᠠᠵᠢᠯᠳᠠᠨ ᠤ ᠬᠠᠷᠢᠭᠤᠴᠠᠯᠭ᠎ᠠ ᠨᠡᠭᠡᠮᠵᠢᠯᠡᠭᠦ ᠳᠤ | ᠪᠠᠨ ᠵᠠᠷᠯᠠᠨ ᠮᠡᠳᠡᠭᠳᠡᠭᠦ᠂ ᠰᠡᠷᠡᠮᠵᠢᠯᠡᠭᠦᠯᠦᠨ ᠱᠠᠭᠠᠷᠳᠠᠬᠤ᠂ ᠵᠤᠭᠢᠶᠠᠨ ᠪᠠᠶᠢᠭᠤᠯᠤᠯᠳᠠ ᠶᠢᠨ ᠲᠤᠭᠢᠷᠠᠭᠤᠯᠤᠯᠳᠠ ᠭᠢᠬᠦ | ᠪᠤᠶᠤ ᠵᠤᠭᠢᠶᠠᠨ ᠪᠠᠶᠢᠭᠤᠯᠤᠯᠳᠠ ᠠᠴᠠ ᠰᠡᠢᠳᠪᠦᠷᠢᠯᠡᠭᠦ᠃ ᠰᠠᠭᠢᠯᠭ᠎ᠠ ᠪᠠᠳᠤ ᠶᠢᠨ ᠰᠢᠳᠭᠡᠯ ᠦᠭᠭᠦ ᠭᠡᠯᠪᠡᠷᠢ ᠪᠠᠷ | ᠶᠠᠪᠤᠭᠳᠠᠭᠤᠯᠤᠨ᠎ᠠ᠃ ᠲᠡᠭᠡᠷ᠎ᠡ ᠲᠤᠷᠠᠳᠤᠭᠰᠠᠨ ᠬᠠᠷᠢᠭᠤᠴᠠᠯᠭ᠎ᠠ ᠨᠡᠭᠡᠮᠵᠢᠯᠡᠭᠦ ᠭᠡᠯᠪᠡᠷᠢ ᠢ ᠲᠤᠰ ᠲᠤᠨᠢ ᠭᠡᠷᠡᠭᠯᠡᠵᠦ | ᠪᠤᠯᠬᠤ ᠮᠦᠷᠳᠡᠭᠡᠨ ᠪᠠᠰᠠ ᠵᠡᠷᠭᠡ ᠳᠤᠨᠢ ᠭᠡᠷᠡᠭᠯᠡᠵᠦ ᠴᠤ ᠪᠤᠯᠤᠨ᠎ᠠ᠃ | ᠬᠠᠤᠯᠢ ᠵᠦᠷᠢᠴᠡᠵᠦ ᠶᠠᠯ᠎ᠠ ᠭᠢᠭᠦ ᠳᠤ ᠬᠤᠯᠪᠤᠭᠳᠠᠭᠰᠠᠨ ᠪᠤᠯ᠂ ᠤᠯᠤᠰ ᠤᠨ ᠬᠠᠮᠢᠶ᠎ᠠ ᠪᠦᠬᠦᠢ ᠬᠠᠤᠯᠢ | ᠶᠢᠨ ᠲᠤᠭᠳᠠᠭᠠᠯ ᠪᠠᠷ ᠰᠡᠢᠳᠪᠦᠷᠢᠯᠡᠨ᠎ᠡ᠃ | ᠠᠷᠪᠠᠨ ᠭᠤᠷᠪᠠᠳᠤᠭᠠᠷ ᠵᠤᠷᠪᠤᠰ᠂ ᠲᠤᠰ ᠨᠠᠷᠢᠨ ᠲᠦᠷᠢᠮ ᠤᠨ ᠠᠷᠪᠠᠨ ᠨᠢᠭᠡᠳᠦᠭᠡᠷ ᠲᠤ ᠵᠤᠷᠪᠤᠰ ᠲᠤ | ᠵᠢᠭᠰᠠᠭᠠᠭᠰᠠᠨ ᠪᠠᠶᠢᠳᠠᠯ ᠤᠨ ᠦᠢᠯᠡ ᠶᠠᠪᠤᠳᠠᠯ ᠬᠠᠷᠢᠴᠠᠩᠭᠤᠢ ᠬᠦᠩᠬᠡᠨ ᠢ ᠨᠢ ᠬᠠᠮᠢᠶᠠᠷᠬᠤ ᠡᠷᠭᠡ ᠪᠦᠬᠦᠢ ᠨᠠᠮ | ᠵᠠᠰᠠᠭ ᠤᠨ ᠪᠠᠶᠢᠭᠤᠯᠤᠯᠭ᠎ᠠ ᠠᠴᠠ ᠬᠠᠮᠢᠶ᠎ᠠ ᠪᠦᠬᠦᠢ ᠬᠠᠷᠢᠭᠤᠴᠠᠯᠭ᠎ᠠ ᠪᠦᠬᠦᠢ ᠬᠦᠮᠦᠨ ᠳᠤ ᠵᠠᠷᠯᠠᠨ ᠮᠡᠳᠡᠭᠳᠡᠵᠦ᠂ | ᠬᠤᠭᠤᠴᠠᠭ᠎ᠠ ᠭᠢᠵᠠᠭᠠᠷᠯᠠᠨ ᠵᠠᠰᠠᠨ ᠰᠠᠶᠢᠵᠢᠷᠠᠭᠤᠯᠤᠭᠤᠯᠤᠨᠠ᠃ | ᠠᠷᠪᠠᠨ ᠲᠦᠷᠪᠡᠳᠦᠭᠡᠷ ᠵᠤᠷᠪᠤᠰ ᠵᠠᠷᠯᠠᠨ ᠮᠡᠳᠡᠭᠳᠡᠭᠰᠡᠨ ᠠᠴᠠ ᠰᠡᠭᠦᠯᠡᠷ ᠪᠠᠰᠠ ᠲᠤᠭᠳᠠᠭᠰᠠᠨ | ᠬᠤᠭᠤᠴᠠᠭᠠᠨ ᠳᠤ ᠵᠠᠰᠠᠨ ᠰᠠᠶᠢᠵᠢᠷᠠᠭᠤᠯᠬᠤ ᠬᠠᠷᠠᠯᠳᠠ ᠪᠠᠨ ᠪᠡᠶᠡᠯᠡᠭᠦᠯᠦᠭᠰᠡᠨ ᠪᠤᠶᠤ ᠲᠤᠰ ᠨᠠᠷᠢᠨ ᠲᠦᠷᠢᠮ ᠤᠨ | ᠠᠷᠪᠠᠨ ᠨᠢᠬᠡᠳᠦᠭᠡᠷ ᠵᠤᠷᠪᠤᠰ ᠲᠤ ᠵᠢᠭᠰᠠᠭᠠᠰᠠᠨ ᠪᠠᠶᠢᠳᠠᠯ ᠲᠠᠢ ᠮᠦᠷᠳᠡᠭᠡᠨ ᠬᠤᠤᠷ ᠨᠦᠯᠦᠬᠡ ᠬᠦᠨᠳᠤ ᠨᠤᠴᠢᠲᠡᠢ | ᠪᠤᠶᠤ ᠨᠦᠯᠦᠬᠡ ᠠᠰᠤᠷᠤ ᠶᠡᠭᠡ ᠪᠤᠯ ᠬᠠᠮᠢᠶᠠᠷᠬᠤ ᠡᠷᠭᠡ ᠪᠦᠬᠦᠢ ᠨᠠᠮ ᠵᠠᠰᠠᠭ ᠤᠨ ᠪᠠᠶᠢᠭᠤᠯᠤᠯᠭ᠎ᠠ ᠬᠠᠮᠢᠶ᠎ᠡ ᠪᠦᠬᠦᠢ | ᠬᠠᠷᠢᠭᠤᠴᠠᠯᠭ᠎ᠠ ᠲᠠᠢ ᠬᠦᠮᠦᠨ ᠳᠤ ᠰᠡᠷᠡᠮᠵᠢᠯᠡᠭᠦᠯᠦᠨ ᠱᠠᠭᠠᠷᠳᠠᠬᠤ᠂ ᠬᠤᠭᠤᠴᠠᠭ᠎ᠠ ᠭᠢᠵᠠᠭᠠᠷᠯᠠᠨ ᠭᠢᠨᠡᠨ ᠵᠠᠰᠠᠯᠳᠠ | ᠬᠢᠯᠬᠡᠨ᠎ᠡ᠃ ᠬᠠᠮᠳᠤ ᠳᠤᠨᠢ ᠬᠠᠮᠢᠶ᠎ᠠ ᠪᠦᠬᠦᠢ ᠲᠤᠭᠳᠠᠭᠠᠯ ᠢ ᠦᠨᠳᠦᠰᠦᠯᠡᠨ ᠲᠤᠰ ᠭᠠᠵᠠᠷ ᠤᠷᠤᠨ᠂ ᠰᠠᠯᠠᠭ᠎ᠠ | ᠮᠦᠴᠢᠷ ᠪᠤᠯᠤᠨ ᠪᠠᠶᠢᠭᠤᠯᠤᠯᠭ᠎ᠠ ᠶᠢᠨ ᠲᠤᠰ ᠤᠨ ᠤ ᠶᠡᠷᠦᠩᠬᠡᠶᠢᠯᠡᠭᠰᠡᠨ ᠴᠢᠨᠠᠷᠲᠠᠢ ᠢᠷᠠᠭᠤ ᠠᠯᠳᠠᠷ ᠶᠢᠨ | ᠨᠡᠷᠡᠶᠢᠳᠦᠯ ᠢ ᠬᠢᠨᠠᠨ ᠰᠤᠩᠭᠤᠬᠤ ᠡᠷᠭᠡ ᠶᠢ ᠨᠢ ᠬᠠᠰᠤᠨ᠎ᠠ᠃ | ᠠᠷᠪᠠᠨ ᠲᠠᠪᠤᠳᠤᠭᠠᠷ ᠵᠤᠷᠪᠤᠰ ᠰᠡᠷᠡᠮᠵᠢᠯᠡᠬᠦᠯᠦᠨ ᠱᠠᠭᠠᠷᠳᠠᠭᠳᠠᠭᠠᠳ ᠪᠠᠰᠠ ᠴᠠᠭ ᠲᠤᠬᠠᠢ ᠳᠤᠨᠢ | ᠴᠡᠭᠴᠡᠯᠡᠨ ᠰᠠᠶᠢᠵᠢᠷᠠᠭᠤᠯᠬᠤ ᠡᠭᠦᠷᠭᠡ ᠪᠠᠨ ᠪᠡᠶᠡᠯᠡᠭᠦᠯᠦᠭᠰᠡᠨ ᠦᠬᠡᠢ ᠪᠤᠶᠤ ᠲᠤᠰ ᠨᠠᠷᠢᠨ ᠲᠦᠷᠢᠮ ᠤᠨ ᠠᠷᠪᠠᠨ | ᠨᠢᠬᠡᠳᠦᠭᠡᠷ ᠵᠤᠷᠪᠤᠰ ᠲᠤ ᠵᠢᠭᠰᠠᠭᠠᠭᠰᠠᠨ ᠪᠠᠶᠢᠳᠠᠯ ᠲᠠᠢ ᠪᠦᠬᠡᠳ ᠬᠤᠤᠷ ᠨᠦᠯᠦᠬᠡ ᠨᠢ ᠲᠤᠶᠢᠯ ᠤᠨ ᠬᠦᠨᠳᠦ | ᠨᠤᠴᠢᠲᠡᠢ ᠪᠤᠯᠤᠨ ᠨᠦᠯᠦᠬᠡ ᠲᠤᠰᠬᠠᠯ ᠨᠢ ᠲᠤᠶᠢᠯ ᠤᠨ ᠲᠤᠮᠤ ᠪᠤᠯ ᠬᠠᠮᠢᠶᠠᠷᠬᠤ ᠡᠷᠭᠡ ᠪᠦᠬᠦᠢ ᠨᠠᠮ ᠵᠠᠰᠠᠭ ᠤᠨ | ᠪᠠᠶᠢᠭᠤᠯᠤᠯᠭ᠎ᠠ ᠬᠠᠮᠢᠶ᠎ᠠ ᠪᠦᠬᠦᠢ ᠬᠠᠷᠢᠭᠤᠴᠠᠯᠭᠠᠳᠤ ᠬᠦᠮᠦᠨ ᠳᠤ ᠲᠤᠰᠢᠶᠠᠯ ᠢ ᠵᠤᠭᠰᠤᠭᠠᠨ ᠪᠠᠶᠢᠴᠠᠭᠠᠯᠳᠠ ᠭᠢᠯᠬᠡᠭᠦ᠂ | ᠲᠤᠰᠢᠶᠠᠯ ᠢ ᠨᠢ ᠲᠤᠭᠢᠷᠠᠭᠤᠯᠬᠤ᠂ ᠠᠵᠢᠯ ᠠᠴᠠ ᠪᠡᠨᠤᠭᠴᠠᠷᠠᠬᠤ ᠵᠠᠷᠯᠢᠭᠳᠠᠨ ᠱᠠᠭᠠᠷᠳᠠᠬᠤ᠂ ᠲᠤᠰᠢᠶᠠᠯ | ᠪᠠᠭᠤᠷᠠᠭᠤᠯᠬᠤ᠂ ᠲᠤᠰᠢᠶᠠᠯ ᠤᠭᠴᠠᠷᠠᠭᠤᠯᠬᠤ ᠵᠡᠷᠭᠡ ᠵᠤᠭᠢᠶᠠᠨ ᠪᠠᠶᠢᠭᠤᠯᠤᠯᠳᠠ ᠶᠢᠨ ᠲᠤᠭᠢᠷᠠᠭᠤᠯᠤᠯᠳᠠ ᠪᠤᠶᠤ | ᠵᠤᠭᠢᠶᠠᠨ ᠪᠠᠶᠢᠭᠤᠯᠤᠯᠳᠠ ᠶᠢᠨ ᠰᠡᠢᠳᠪᠦᠷᠢᠯᠡᠭᠦ ᠠᠷᠭ᠎ᠠ ᠭᠡᠮᠵᠢᠶ᠎ᠡ ᠠᠪᠤᠨ᠎ᠠ᠃ | ᠠᠷᠪᠠᠨ ᠵᠢᠷᠭᠤᠳᠤᠭᠠᠷ ᠵᠤᠷᠪᠤᠰ ᠵᠠᠭᠢᠳᠠᠯ ᠰᠤᠷᠪᠤᠯᠵᠢᠯᠠᠭ᠎ᠠ ᠶᠢᠨ ᠠᠵᠢᠯ ᠲᠤᠮᠳᠠ ᠲᠤᠰᠢᠶᠠᠯ ᠬᠠᠷᠢᠭᠤᠴᠠᠯᠭ᠎ᠠ | ᠪᠠᠨ ᠠᠯᠳᠠᠭᠰᠠᠨ ᠬᠠᠮᠢᠶ᠎ᠡ ᠪᠦᠬᠦᠢ ᠬᠠᠷᠢᠭᠤᠴᠠᠯᠭᠠᠳᠤ ᠬᠦᠮᠦᠨ ᠳᠤ ᠨᠠᠮ ᠤᠨ ᠰᠠᠭᠢᠯᠭ᠎ᠠ ᠵᠠᠰᠠᠭ ᠤᠨ ᠰᠠᠭᠢᠯᠭ᠎ᠠ | ᠶᠢᠨ ᠰᠢᠳᠭᠡᠯ ᠦᠭᠭᠦ ᠶᠤᠰᠤᠲᠡᠢ ᠪᠤᠯ᠂ ᠰᠠᠭᠢᠯᠭ᠎ᠠ ᠂ ᠬᠠᠤᠯᠢ ᠶᠤᠰᠤᠭᠠᠷ ᠬᠠᠷᠢᠭᠤᠴᠠᠯᠭ᠎ᠠ ᠨᠡᠭᠡᠮᠵᠢᠯᠡᠨ᠎ᠡ᠃ | ᠠᠷᠪᠠᠨ ᠲᠤᠯᠤᠳᠤᠭᠠᠷ ᠵᠤᠷᠪᠤᠰ ᠵᠠᠭᠢᠳᠠᠯ ᠰᠤᠷᠪᠤᠯᠵᠢᠯᠠᠭ᠎ᠠ ᠶᠢᠨ ᠠᠵᠢᠯ ᠤᠨ ᠬᠠᠷᠢᠭᠤᠴᠠᠯᠭ᠎ᠠ ᠶᠢ | ᠨᠡᠭᠡᠮᠵᠢᠯᠡᠭᠦ ᠳᠤ ᠲᠤᠤᠷᠠᠭᠢ ᠲᠠᠷᠠᠭᠠᠯᠠᠯ ᠢ ᠮᠦᠷᠳᠡᠨ ᠦᠷᠨᠢᠬᠦᠯᠦᠨ᠎ᠡ︔ | ︵ᠨᠢᠬᠡ︶ ᠬᠠᠷᠢᠭᠤᠴᠠᠯᠭ᠎ᠠ ᠨᠡᠭᠡᠮᠵᠢᠯᠡᠭᠦ ᠪᠠᠶᠢᠴᠠᠭᠠᠯᠳᠠ ᠦᠷᠨᠢᠬᠦᠯᠬᠦ | 1. ᠡᠯ᠎ᠡ ᠱᠠᠳᠤᠨ ᠤᠨ ᠨᠠᠮ ᠤᠨ ᠬᠤᠷᠢᠶ᠎ᠠ᠂ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ᠂ | ᠵᠠᠰᠠᠭ ᠤᠨ ᠤᠷᠳᠤᠨ᠂ ᠤᠯᠤᠰ ᠲᠦᠷᠦ ᠶᠢᠨ ᠵᠦᠪᠯᠡᠯᠭᠡᠨ᠂ ᠰᠢᠬᠦᠬᠦ ᠬᠤᠷᠢᠶ᠎ᠠ᠂ ᠪᠠᠶᠢᠴᠠᠭᠠᠬᠤ ᠬᠤᠷᠢᠶ᠎ᠠ ᠪᠤᠶᠤ | ᠲᠡᠭᠡᠳᠦ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠶᠢᠨ ᠬᠠᠮᠢᠶᠠᠷᠴᠤ ᠪᠠᠶᠢᠭ᠎ᠠ ᠺᠡᠲᠡᠷ ᠡᠬᠦᠷᠭᠡ ᠲᠤᠰᠢᠶᠠᠯ | ᠢᠶᠠᠨ ᠪᠡᠶᠡᠯᠡᠭᠦᠯᠦᠭᠰᠡᠨ ᠦᠬᠡᠢ ᠪᠤᠶᠤ ᠵᠦᠪ ᠤᠨᠤᠪᠴᠢᠲᠡᠢ ᠪᠠᠷ ᠡᠬᠦᠷᠭᠡ ᠲᠤᠰᠢᠶᠠᠯ ᠢᠶᠠᠨ ᠭᠡᠷᠡᠭᠵᠢᠭᠦᠯᠦᠭᠰᠡᠨ | ᠦᠬᠡᠢ ᠠᠴᠠ ᠬᠠᠷᠢᠭᠤᠴᠠᠯᠭ᠎ᠠ ᠨᠡᠭᠡᠮᠵᠢᠯᠡᠭᠦ ᠱᠠᠭᠠᠷᠳᠠᠯᠭ᠎ᠠ ᠲᠠᠢ ᠪᠤᠯ ᠲᠡᠭᠡᠳᠦ ᠱᠠᠳᠤᠨ ᠤ ᠵᠠᠭᠢᠳᠠᠯ | ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠪᠠᠶᠢᠴᠠᠭᠠᠯᠳᠠ ᠦᠷᠨᠢᠬᠦᠯᠦᠨ᠎ᠡ ︔ | 2. ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠤᠨ ᠠᠵᠢᠯ ᠤᠨ ᠰᠠᠯᠠᠭ᠎ᠠ ᠮᠦᠴᠢᠷ ᠪᠤᠶᠤ | ᠡᠰᠡᠭᠦᠯ᠎ᠡ ᠲᠤᠰ ᠱᠠᠳᠤᠨ ᠤ ᠨᠠᠮ ᠤᠨ ᠬᠤᠷᠢᠶᠠᠨ ᠤ ᠬᠠᠮᠢᠶᠠᠷᠴᠦ ᠪᠠᠶᠢᠭ᠎ᠠ ᠺᠡᠲᠡᠷ ᠡᠭᠦᠷᠭᠡ ᠲᠤᠰᠢᠶᠠᠯ ᠢᠶᠠᠨ | ᠪᠡᠶᠡᠯᠡᠭᠦᠯᠬᠦ ᠦᠬᠡᠢ ᠪᠤᠶᠤ ᠵᠦᠪ ᠤᠨᠤᠪᠴᠢᠲᠠᠢ ᠪᠡᠶᠡᠯᠡᠭᠦᠯᠵᠦ ᠲᠡᠶᠢᠯᠦᠭᠰᠡᠨ ᠦᠬᠡᠢ ᠠᠴᠠ ᠬᠠᠷᠢᠭᠤᠴᠠᠯᠭ᠎ᠠ | ᠨᠡᠭᠡᠮᠵᠢᠯᠡᠭᠦ ᠭᠡᠷᠡᠭᠲᠡᠢ ᠪᠤᠯ ᠠᠳᠠᠯᠢ ᠱᠠᠳᠤᠨ ᠤ ᠵᠠᠭᠢᠳᠠᠯ ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠠᠴᠠ | ᠪᠠᠶᠢᠴᠠᠭᠠᠯᠳᠠ ᠦᠷᠨᠢᠬᠦᠯᠦᠨ᠎ᠡ᠃ | 3. ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠶᠢᠨ ᠠᠵᠢᠯ ᠤᠨ ᠰᠠᠯᠠᠭ᠎ᠠ ᠮᠦᠴᠢᠷ | ᠤᠨ ᠬᠠᠮᠢᠶᠠᠷᠴᠤ ᠪᠠᠶᠢᠭ᠎ᠠ ᠺᠡᠲᠡᠷ ᠡᠭᠦᠷᠭᠡ ᠲᠤᠰᠢᠶᠠᠯ ᠢᠶᠠᠨ ᠪᠡᠶᠡᠯᠡᠭᠦᠯᠬᠦ ᠦᠬᠡᠢ ᠪᠤᠶᠤ ᠵᠦᠪ | ᠤᠨᠤᠪᠴᠢᠲᠠᠢ ᠪᠡᠶᠡᠯᠡᠭᠦᠯᠵᠦ ᠲᠡᠶᠢᠯᠦᠭᠰᠡᠨ ᠦᠬᠡᠢ ᠠᠴᠠ ᠬᠠᠷᠢᠭᠤᠴᠠᠯᠭ᠎ᠠ ᠨᠡᠭᠡᠮᠵᠢᠯᠡᠭᠦ ᠭᠡᠷᠡᠭᠲᠡᠢ ᠪᠤᠯ ᠨᠠᠮ | ᠵᠠᠰᠠᠭ ᠤᠨ ᠪᠠᠶᠢᠭᠤᠯᠤᠯᠭ᠎ᠠ ᠶᠢᠨ ᠵᠢᠭᠠᠨ ᠲᠤᠭᠳᠠᠭᠠᠭᠰᠠᠨ ᠬᠠᠮᠢᠶ᠎ᠠ ᠪ᠊ ᠦ᠋ᠬᠦᠢ ᠰᠠᠯᠠᠭ᠎ᠠ ᠮᠦᠴᠢᠷ | ᠪᠠᠶᠢᠴᠠᠭᠠᠯᠳᠠ ᠦᠷᠨᠢᠬᠦᠯᠦᠨ᠎ᠡ᠃ | 4. ᠵᠤᠭᠢᠶᠠᠨ ᠪᠠᠶᠢᠭᠤᠯᠤᠯᠳᠠ ᠠᠵᠢᠯᠳᠠᠨ ᠤ ᠶᠠᠪᠤᠳᠠᠯ ᠤᠨ ᠰᠠᠯᠠᠭ᠎ᠠ ᠮᠦᠴᠢᠷ ᠪᠤᠶᠤ ᠰᠠᠭᠢᠯᠭ᠎ᠠ ᠪᠠᠳᠤ | ᠬᠢᠨᠠᠨ ᠪᠠᠶᠢᠴᠠᠭᠠᠬᠤ ᠪᠠᠶᠢᠭᠤᠯᠤᠯᠭ᠎ᠠ ︵ ᠪᠠᠶᠢᠭᠤᠯᠤᠮᠵᠢ︶ ᠶᠢᠨ ᠡᠭᠦᠷᠭᠡ ᠬᠠᠷᠢᠭᠤᠴᠠᠯᠭ᠎ᠠ ᠶᠢᠨ ᠭᠡᠪᠴᠢᠶᠡᠨ ᠳᠤ | ᠪᠠᠭᠳᠠᠵᠤ ᠂ ᠬᠠᠷᠢᠭᠤᠴᠠᠯᠭ᠎ᠠ ᠨᠡᠭᠡᠮᠵᠢᠯᠡᠭᠦ ᠱᠠᠭᠠᠷᠳᠠᠯᠭ᠎ᠠ ᠲᠠᠢ ᠪᠤᠯ ᠵᠤᠭᠢᠶᠠᠨ ᠪᠠᠶᠢᠭᠤᠯᠤᠯᠳᠠ ᠠᠵᠢᠯᠳᠠᠨ ᠤ | ᠶᠠᠪᠤᠳᠠᠯ ᠤᠨ ᠰᠠᠯᠠᠭ᠎ᠠ ᠮᠦᠴᠢᠷ ᠪᠤᠶᠤ ᠰᠠᠭᠢᠯᠭ᠎ᠠ ᠪᠠᠳᠤ ᠬᠢᠨᠠᠨ ᠪᠠᠶᠢᠴᠠᠭᠠᠬᠤ ᠪᠠᠶᠢᠭᠤᠯᠤᠯᠭ᠎ᠠ ︵ | ᠪᠠᠶᠢᠭᠤᠯᠤᠮᠵᠢ︶ ᠪᠠᠶᠢᠴᠠᠭᠠᠯᠳᠠ ᠦᠷᠨᠢᠬᠦᠯᠦᠨ᠎ᠡ᠃ | ᠡᠯ᠎ᠡ ᠱᠠᠳᠤᠨ ᠤ ᠨᠠᠮ ᠵᠠᠰᠠᠭ ᠤᠨ ᠪᠠᠶᠢᠭᠤᠯᠤᠯᠭ᠎ᠠ ᠬᠠᠷᠢᠭᠤᠴᠠᠯᠭ᠎ᠠ ᠨᠡᠭᠡᠮᠵᠢᠯᠡᠭᠦ ᠪᠠᠶᠢᠴᠠᠭᠠᠯᠳᠠ ᠲᠤᠮᠳᠠ | ᠬᠤᠯᠪᠤᠭᠳᠠᠬᠤ ᠪᠠᠶᠢᠴᠠᠭᠠᠭᠳᠠᠭᠴᠢ ᠨᠢ ᠲᠤᠰ ᠱᠠᠳᠤᠨ ᠳᠤ ᠬᠠᠮᠢᠶᠠᠷᠤᠭᠳᠠᠬᠤ ᠦᠬᠡᠢ ᠮᠡᠳᠡᠪᠡᠯ᠂ ᠴᠠᠭ ᠲᠤᠬᠠᠢ ᠳᠤᠨᠢ | ᠠᠰᠠᠭᠤᠳᠠᠯ ᠤᠨ ᠰᠦᠪᠡᠭᠴᠢ ᠶᠢ ᠬᠠᠮᠢᠶᠠᠷᠤᠯᠳᠠ ᠶᠢᠨ ᠡᠷᠭᠡ ᠪᠦᠭᠦᠢ ᠪᠠᠶᠢᠭᠤᠯᠤᠯᠭ᠎ᠠ ᠳᠤ ᠰᠢᠯᠵᠢᠬᠦᠯᠦᠨ ᠦᠭᠭᠦᠨ᠎ᠡ | ︔ ᠰᠠᠭᠢᠯᠭ᠎ᠠ ᠵᠦᠷᠢᠴᠡᠵᠦ ᠬᠠᠤᠯᠢ ᠵᠦᠷᠢᠴᠡᠭᠦ ᠳᠤ ᠬᠤᠯᠪᠤᠭᠳᠠᠭᠰᠠᠨ ᠠᠰᠠᠭᠤᠳᠠᠯ ᠤᠨ ᠰᠦᠪᠡᠭᠴᠢ ᠶᠢ | ᠢᠯᠡᠷᠡᠭᠦᠯᠪᠡᠯ᠂ ᠴᠠᠭ ᠲᠤᠬᠠᠢ ᠳᠤᠨᠢ ᠬᠠᠮᠢᠶ᠎ᠠ ᠪᠦᠬᠦᠢ ᠰᠠᠯᠠᠭ᠎ᠠ ᠮᠦᠴᠢᠷ ᠳᠤ ᠰᠢᠯᠵᠢᠬᠦᠯᠦᠨ ᠦᠭᠴᠦ | ᠰᠡᠢᠳᠪᠦᠷᠢᠯᠡᠭᠦᠯᠦᠨᠡ᠃ | ︵ᠬᠤᠶᠠᠷ︶ ᠰᠡᠢᠳᠪᠦᠷᠢᠯᠡᠭᠦ ᠰᠡᠶᠢᠳᠪᠤᠷᠢ ᠭᠠᠷᠭᠠᠬᠤ | ᠬᠠᠷᠢᠭᠤᠴᠠᠯᠭ᠎ᠠ ᠨᠡᠭᠡᠮᠵᠢᠯᠡᠭᠦ ᠰᠡᠢᠳᠪᠤᠷᠢ ᠢ ᠬᠠᠮᠢᠶᠠᠷᠤᠯᠳᠠ ᠶᠢᠨ ᠡᠷᠭᠡ ᠪᠦᠭᠦᠢ ᠨᠠᠮ ᠵᠠᠰᠠᠭ ᠤᠨ | ᠪᠠᠶᠢᠭᠤᠯᠤᠯᠭ᠎ᠠ ᠠᠴᠠ ᠭᠠᠷᠭᠠᠨ᠎ᠠ᠃ | 1. ᠤᠳᠤᠷᠢᠳᠬᠤ ᠺᠠᠲᠡᠷ᠂ ᠠᠵᠢᠯᠳᠠᠨ ᠳᠤ ᠵᠠᠷᠯᠠᠨ ᠮᠡᠳᠡᠭᠳᠡᠭᠦ᠂ ᠰᠡᠷᠡᠮᠵᠢᠯᠡᠭᠦᠯᠦᠨ ᠱᠠᠭᠠᠷᠳᠠᠯᠳᠠ | ᠶᠠᠪᠤᠭᠤᠯᠬᠤ ᠶᠢ ᠨᠠᠮ ᠵᠠᠰᠠᠭ ᠤᠨ ᠪᠠᠶᠢᠭᠤᠯᠤᠯᠭ᠎ᠠ ᠠᠴᠠ ᠰᠡᠢᠳᠪᠤᠷᠢ ᠭᠠᠷᠭᠠᠨ᠎ᠠ᠃ ᠪᠠᠶᠢᠴᠠᠭᠠᠬᠤ ᠪᠠᠶᠢᠭᠤᠯᠤᠯᠭ᠎ᠠ | ᠬᠠᠮᠢᠶᠠᠷᠤᠯᠳᠠ ᠶᠢᠨ ᠡᠷᠭᠡ ᠪᠦᠬᠦᠢ ᠨᠠᠮ ᠵᠠᠰᠠᠭ ᠤᠨ ᠪᠠᠶᠢᠭᠤᠯᠤᠯᠭ᠎ᠠ ᠳᠤ ᠬᠠᠮᠢᠶ᠎ᠡ ᠪᠦᠬᠦᠢ ᠬᠠᠷᠢᠭᠤᠴᠠᠯᠭᠠᠳᠤ | ᠪᠠᠶᠢᠭᠤᠯᠤᠯᠭ᠎ᠠ ᠪᠤᠶᠤ ᠬᠠᠷᠢᠭᠤᠴᠠᠯᠭᠠᠳᠤ ᠬᠦᠮᠦᠨ ᠳᠤ ᠵᠠᠷᠯᠠᠨ ᠮᠡᠳᠡᠭᠳᠡᠭᠦ᠂ ᠰᠡᠷᠡᠮᠵᠢᠯᠡᠭᠦᠯᠦᠨ ᠱᠠᠭᠠᠷᠳᠠᠯᠳᠠ ᠬᠢᠬᠦ | ᠰᠠᠨᠠᠭᠤᠯᠭ᠎ᠠ ᠭᠠᠷᠭᠠᠨ᠎ᠠ᠃ | 2. ᠤᠳᠤᠷᠢᠳᠬᠤ ᠺᠠᠲᠡᠷ᠂ ᠠᠵᠢᠯᠳᠠᠨ ᠳᠤ ᠵᠤᠭᠢᠶᠠᠨ ᠪᠠᠶᠢᠭᠤᠯᠤᠯᠳᠠ ᠶᠢᠨ ᠲᠤᠭᠢᠷᠠᠭᠤᠯᠤᠯᠳᠠ ᠪᠤᠯᠤᠨ | ᠵᠤᠭᠢᠶᠠᠨ ᠪᠠᠶᠢᠭᠤᠯᠤᠯᠳᠠ ᠶᠢᠨ ᠰᠢᠳᠭᠡᠯ ᠦᠭᠭᠦ ᠶᠢ ᠨᠠᠮ ᠵᠠᠰᠠᠭ ᠤᠨ ᠪᠠᠶᠢᠭᠤᠯᠤᠯᠭ᠎ᠠ ᠠᠴᠠ ᠰᠡᠢᠳᠪᠤᠷᠢ | ᠭᠠᠷᠭᠠᠨ᠎ᠠ᠃ ᠪᠠᠶᠢᠴᠠᠭᠠᠬᠤ ᠪᠠᠶᠢᠭᠤᠯᠤᠯᠭ᠎ᠠ ᠪᠠᠶᠢᠴᠠᠭᠠᠭᠰᠠᠨ ᠦᠷ᠎ᠡ ᠳ᠋ᠦᠩ ᠢᠶᠠᠨ ᠦᠨᠳᠦᠰᠦᠯᠡᠨ ᠬᠠᠮᠢᠶᠠᠷᠤᠯᠳᠠ | ᠶᠢᠨ ᠡᠷᠭᠡ ᠪᠦᠬᠦᠢ ᠨᠠᠮ ᠵᠠᠰᠠᠭ ᠤᠨ ᠪᠠᠶᠢᠭᠤᠯᠤᠯᠭ᠎ᠠ ᠳᠤ ᠵᠤᠭᠢᠶᠠᠨ ᠪᠠᠶᠢᠭᠤᠯᠤᠯᠳᠠ ᠶᠢᠨ ᠲᠤᠭᠢᠷᠠᠭᠤᠯᠤᠯᠳᠠ | ᠪᠤᠯᠤᠨ ᠵᠤᠭᠢᠶᠠᠨ ᠪᠠᠶᠢᠭᠤᠯᠤᠯᠳᠠ ᠶᠢᠨ ᠰᠢᠳᠭᠡᠯ ᠦᠭᠭᠦ ᠲᠤᠬᠠᠢ ᠰᠠᠨᠠᠭᠤᠯᠭ᠎ᠠ ᠭᠠᠷᠭᠠᠨ᠎ᠠ᠃ | 3. ᠤᠳᠤᠷᠢᠳᠬᠤ ᠺᠡᠲᠡᠷ᠂ ᠠᠵᠢᠯᠳᠠᠨ ᠳᠤ ᠰᠠᠭᠢᠯᠭ᠎ᠠ ᠪᠠᠳᠤ ᠶᠢᠨ ᠰᠢᠳᠭᠡᠯ ᠦᠭᠭᠦ ᠳᠤ ᠬᠠᠮᠢᠶ᠎ᠡ ᠪᠦᠬᠦᠢ | ᠬᠠᠤᠯᠢ ᠲᠦᠷᠢᠮ ᠪᠤᠯᠤᠨ ᠨᠠᠮ ᠤᠨ ᠲᠤᠳᠤᠭᠠᠳᠤ ᠶᠢᠨ ᠲᠦᠷᠢᠮ ᠲᠤᠭᠳᠠᠭᠠᠯ ᠶᠢᠨ ᠡᠷᠭᠡ ᠶᠢᠨ ᠭᠢᠵᠠᠭᠠᠷ | ᠪᠤᠯᠤᠨ ᠲᠠᠷᠠᠭᠠᠯᠠᠯ ᠢ ᠮᠦᠷᠳᠡᠨ ᠭᠡᠷᠡᠭᠵᠢᠬᠦᠯᠦᠨ᠎ᠡ᠃ | ᠨᠠᠮ ᠵᠠᠰᠠᠭ ᠤᠨ ᠪᠠᠶᠢᠭᠤᠯᠤᠯᠭ᠎ᠠ ᠬᠠᠷᠢᠭᠤᠴᠠᠯᠭ᠎ᠠ ᠨᠡᠭᠡᠮᠵᠢᠯᠡᠭᠦ ᠰᠡᠢᠳᠪᠤᠷᠢ ᠭᠠᠷᠬᠭᠠᠬᠤ ᠠᠴᠠ ᠡᠮᠦᠨ᠎ᠡ᠂ | ᠬᠠᠷᠢᠭᠤᠴᠠᠯᠭ᠎ᠠ ᠨᠡᠭᠡᠮᠵᠢᠯᠡᠭᠳᠡᠵᠦ ᠪᠠᠶᠢᠭ᠎ᠠ ᠤᠳᠤᠷᠢᠳᠬᠤ ᠺᠠᠲᠠᠷ ᠪᠤᠯᠤᠨ ᠠᠵᠢᠯᠳᠠᠨ ᠤ ᠰᠠᠨᠠᠯ ᠢ ᠰᠤᠨᠤᠰᠬᠤ | ᠮᠦᠷᠳᠡᠭᠡᠨ ᠲᠡᠮᠳᠡᠭᠯᠡᠨ ᠲᠠᠩᠰᠠᠯᠠᠪᠠᠯ ᠵᠤᠭᠢᠨ᠎ᠠ ︔ ᠲᠡᠳᠡᠨ ᠤ ᠵᠦᠢ ᠵᠤᠭᠢᠰᠲᠡᠢ ᠰᠠᠨᠠᠯ ᠢ ᠨᠢ ᠬᠦᠯᠢᠶᠡᠨ | ᠠᠪᠤᠪᠠᠯ ᠵᠤᠭᠢᠨ᠎ᠠ᠃ | ᠠᠷᠪᠠᠨ ᠨᠠᠢᠮᠠᠳᠤᠭᠠᠷ ᠵᠤᠷᠪᠤᠰ ᠬᠠᠷᠢᠭᠤᠴᠠᠯᠭ᠎ᠠ ᠨᠡᠭᠡᠮᠵᠢᠯᠡᠭᠰᠡᠨ ᠬᠠᠮᠢᠶ᠎ᠠ ᠪᠦᠬᠦᠢ ᠬᠠᠷᠢᠭᠤᠴᠠᠯᠭᠠᠳᠤ | ᠬᠦᠮᠦᠨ ᠢ ᠰᠡᠢᠳᠪᠦᠷᠢᠯᠡᠭᠰᠡᠨ ᠪᠠᠶᠢᠳᠠᠯ ᠢ ᠠᠳᠠᠯᠢ ᠱᠠᠳᠤᠨ ᠤ ᠪᠠ ᠲᠡᠭᠡᠳᠦ ᠱᠠᠳᠤᠨ ᠤ ᠵᠠᠭᠢᠳᠠᠯ | ᠰᠤᠷᠪᠤᠯᠵᠢᠯᠠᠭ᠎ᠠ ᠶᠢᠨ ᠰᠠᠯᠠᠭ᠎ᠠ ᠮᠦᠴᠢᠷ ᠳᠤ ᠮᠡᠳᠡᠬᠦᠯᠦᠨ ᠲᠠᠩᠰᠠᠯᠠᠨ ᠲᠡᠮᠳᠡᠭᠯᠡᠭᠦ ᠭᠡᠷᠡᠭᠲᠡᠢ᠃ | ᠲᠠᠪᠤᠳᠤᠭᠠᠷ ᠪᠦᠯᠦᠭ ᠲᠠᠭᠠᠯᠳᠠ ᠲᠦᠷᠢᠮ | ᠠᠷᠪᠠ ᠶᠢᠰᠦᠳᠦᠭᠡᠷ ᠵᠤᠷᠪᠤᠰ ᠲᠤᠰ ᠨᠠᠷᠢᠨ ᠲᠦᠷᠢᠮ ᠲᠠᠶᠢᠯᠪᠤᠷᠢᠯᠠᠨ ᠭᠡᠷᠡᠭᠵᠢᠬᠦᠯᠬᠦ ᠪᠤᠳᠠᠳᠠᠢ ᠠᠵᠢᠯ ᠢ | ᠦᠪᠡᠷᠳᠡᠭᠡᠨ ᠵᠠᠰᠠᠬᠤ ᠤᠷᠤᠨ ᠤ ᠵᠠᠭᠢᠳᠠᠯ ᠰᠤᠷᠪᠤᠯᠵᠢᠯᠠᠭ᠎ᠠ ᠶᠢᠨ ᠲᠤᠪᠴᠢᠶ᠎ᠠ ᠬᠠᠷᠢᠭᠤᠴᠠᠨ᠎ᠠ᠃ | ᠬᠤᠷᠢᠳᠤᠭᠠᠷ ᠵᠤᠷᠪᠤᠰ ᠲᠤᠰ ᠨᠠᠷᠢᠨ ᠲᠦᠷᠢᠮ ᠢ 2017 ᠤᠨ ᠤ 7 ᠰᠠᠷ᠎ᠠ ᠶᠢᠨ 14 ᠤ ᠡᠳᠦᠷ | ᠠᠴᠠ ᠡᠭᠢᠯᠡᠨ ᠭᠡᠷᠡᠭᠵᠢᠬᠦᠯᠦᠨ᠎ᠡ᠃ ᠡᠭᠦᠨ ᠠᠴᠠ ᠡᠮᠦᠨ᠎ᠡ ᠨᠡᠶᠢᠳᠡᠯᠡᠭᠰᠡᠨ ᠬᠠᠮᠢᠶ᠎ᠠ ᠪᠦᠬᠦᠢ ᠵᠠᠭᠢᠳᠠᠯ ᠰᠤᠷᠪᠤᠯᠵᠢᠯᠠᠭ᠎ᠠ | ᠶᠢᠨ ᠲᠤᠭᠳᠠᠭᠠᠯ᠂ ᠭᠡᠷᠪᠡ ᠲᠤᠰ ᠲᠦᠷᠢᠮ ᠲᠠᠢ ᠨᠢᠬᠡᠳᠦᠯ ᠦᠬᠡᠢ ᠵᠤᠶᠢᠯ ᠪᠠᠶᠢᠪᠠᠯ᠂ ᠲᠤᠰ ᠨᠠᠷᠢᠨ ᠲᠦᠷᠢᠮ ᠢ | ᠵᠢᠷᠤᠮᠯᠠᠨ ᠭᠡᠷᠡᠭᠵᠢᠬᠦᠯᠦᠨ᠎ᠡ᠃ | |