ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠣᠯᠭᠠᠯᠳᠠ ᠶᠢᠨ ᠠᠰᠠᠭᠤᠳᠠᠯ ᠪᠠ ᠠᠷᠭ᠎ᠠ ᠬᠡᠮᠵᠢᠶᠡᠨ ᠤ ᠳᠣᠬᠠᠢ ᠪᠣᠳᠣᠯᠬᠢᠯᠠᠯ
ᠨᠡᠶᠢᠲᠡᠯᠡᠭᠰᠡᠨ ᠴᠠᠭ᠄
2023/11/22
                              ᠪᠤᠤ ᠶᠦᠩ ᠮᠸᠢ

教学研究2.png

 

      ᠨᠢᠬᠡ᠂ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠶᠢᠨ ᠵᠣᠯᠭᠠᠯᠳᠠ 

      ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠰᠣᠷᠣᠯᠴᠠᠯᠭ᠎ᠠ ᠶᠢᠨ ᠵᠣᠯᠭᠠᠯᠳᠠ ᠭᠡᠵᠦ ᠬᠡᠯᠡᠬᠦ ᠳᠤ ᠪᠢᠳᠡ

ᠮᠠᠰᠢ ᠠᠮᠠᠷᠬᠠᠨ ᠢᠶᠠᠷ ᠮᠡᠳᠡᠯᠬᠡ ᠶᠢᠨ ᠳᠠᠯ᠎ᠠ ᠳᠠᠬᠢ ᠵᠣᠯᠭᠠᠯᠳᠠ ᠭᠡᠵᠦ ᠪᠣᠳᠣᠵᠣ ᠣᠯᠳᠠᠭ᠃ ᠡᠨᠡ ᠨᠢ ᠶᠠᠷᠢᠶᠠᠨ ᠦᠭᠡᠢ

ᠪᠣᠷᠣᠭᠤ ᠪᠢᠰᠢ᠂ ᠬᠡᠳᠡᠯ᠎ᠡ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠶᠢᠨ

ᠵᠣᠯᠭᠠᠯᠳᠠ ᠦᠨᠡᠨ  ᠳᠤ ᠪᠠᠨ ᠵᠦᠪᠬᠡᠨ ᠮᠡᠳᠡᠯᠬᠡ ᠶᠢᠨ ᠳᠠᠯ᠎ᠠ ᠳᠠᠬᠢ ᠵᠣᠯᠭᠠᠯᠳᠠ ᠳᠡᠳᠦᠢ ᠪᠢᠰᠢ᠂ ᠪᠠᠰᠠ ᠴᠢᠳᠠᠪᠣᠷᠢ ᠶᠢᠨ

ᠳᠠᠯ᠎ᠠ ᠳᠠᠬᠢ ᠵᠣᠯᠭᠠᠯᠳᠠ᠂ ᠨᠡᠩ ᠴᠦ ᠰᠣᠷᠣᠯᠴᠠᠯᠭ᠎ᠠ ᠶᠢᠨ ᠳᠣᠭᠳᠠᠯᠴᠠᠭ᠎ᠠ ︵ᠵᠣᠬᠢᠴᠠᠮᠵᠢ︶ ᠶᠢᠨ ᠳᠠᠯ᠎ᠠ ᠳᠠᠬᠢ ᠵᠣᠯᠭᠠᠯᠳᠠ

ᠪᠣᠯᠣᠨ᠎ᠠ᠃ ᠡᠶᠢᠮᠦ ᠠᠴᠠ ︽ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠰᠣᠷᠣᠯᠴᠠᠯᠭ᠎ᠠ ᠶᠢᠨ ᠵᠣᠯᠭᠠᠯᠳᠠ︾ ᠨᠢ

ᠰᠣᠷᠣᠭᠴᠢᠳ ᠤᠨ ᠣᠳᠣ ᠪᠠᠷ ᠢᠶᠠᠨ ᠪᠠᠶᠢᠭ᠎ᠠ ᠬᠡᠯᠡ ᠪᠢᠴᠢᠭ ᠤᠨ ᠰᠠᠶᠢᠨ ᠰᠠᠶᠢᠬᠠᠨ ᠰᠣᠷᠣᠯᠴᠠᠬᠤ ᠠᠷᠭ᠎ᠠ ᠪᠠ

ᠰᠣᠷᠣᠯᠴᠠᠬᠤ ᠳᠠᠳᠬᠠᠯ ᠢ ᠪᠠᠷᠢᠮᠳᠠᠯᠠᠬᠤ ᠪᠠ ᠴᠢᠩᠭᠠᠳᠬᠠᠵᠣ᠂ ᠳᠡᠭᠡᠳᠦ ᠳᠣᠮᠳᠠᠳᠣ ᠶᠢᠨ ᠬᠡᠯᠡ ᠪᠢᠴᠢᠭ ᠤᠨ

ᠰᠣᠷᠣᠯᠴᠠᠬᠤ ᠱᠠᠭᠠᠷᠳᠠᠯᠭ᠎ᠠ ᠶᠢᠨ ᠰᠣᠷᠣᠯᠴᠠᠬᠤ ᠠᠷᠭ᠎ᠠ ᠪᠠ ᠳᠠᠳᠬᠠᠯ ᠳᠤ ᠵᠣᠬᠢᠴᠠᠭᠤᠯᠣᠨ ᠣᠯᠠᠮ ᠨᠢᠬᠡ ᠠᠯᠬᠤᠮ

ᠬᠦᠭᠵᠢᠬᠦᠯᠵᠦ᠂ ᠬᠠᠮᠤᠭ ᠤᠨ ᠡᠴᠦᠰ ᠲᠤ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠬᠤ ᠵᠢᠮ᠎ᠡ

ᠶᠣᠰᠣᠨ ᠳᠤ ᠨᠡᠶᠢᠴᠡᠭᠰᠡᠨ ᠰᠣᠷᠣᠯᠴᠠᠬᠤ ᠳᠣᠭᠳᠠᠯᠴᠠᠭ᠎ᠠ ᠶᠢ ᠪᠠᠶᠢᠭᠤᠯᠬᠤ ᠪᠣᠯᠣᠨ᠎ᠠ᠃ ᠳᠠᠷᠣᠢ ᠳᠡᠭᠡᠳᠦ ᠨᠢᠬᠡ ᠶᠢᠨ

ᠬᠤᠭᠤᠴᠠᠭᠠᠨ ᠳᠤ ᠪᠠᠨ ᠲᠦᠷᠭᠡᠨ ᠰᠢᠭ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠳᠤ ᠪᠠᠨ

ᠵᠣᠬᠢᠴᠠᠵᠣ᠂ ᠬᠡᠯᠡ ᠪᠢᠴᠢᠭ ᠤᠨ ᠰᠣᠷᠣᠯᠴᠠᠯᠭ᠎ᠠ ᠶᠢᠨ ︽ᠦᠷᠬᠦᠯᠵᠢᠯᠡᠬᠦ᠋ᠢᠴᠡ ᠬᠦᠭᠵᠢᠯᠳᠡ︾ ᠶᠢ ᠪᠠᠳᠣᠯᠠᠬᠤ ᠶᠠᠪᠣᠳᠠᠯ

ᠪᠣᠯᠣᠨ᠎ᠠ᠃

      ᠬᠤᠶᠠᠷ᠂ ᠣᠴᠢᠷ ᠰᠢᠯᠳᠠᠭᠠᠨ ᠤ ᠳᠣᠬᠠᠢ ᠳᠦᠬᠦᠮ ᠵᠠᠳᠠᠯᠣᠯᠳᠠ

      ᠲᠡᠷᠢᠬᠦᠨ ᠳᠤ ᠨᠢ᠂ ᠠᠩᠬ᠎ᠠ ᠳᠣᠮᠳᠠᠳᠣ ᠪᠣᠯ ᠶᠢᠰᠦᠨ ᠵᠢᠯ ᠤᠨ ᠠᠯᠪᠠᠨ ᠵᠢᠷᠣᠮ ᠤᠨ ᠰᠣᠷᠭᠠᠨ ᠬᠦᠮᠦᠵᠢᠯ ᠳᠤ

ᠪᠠᠭᠳᠠᠭᠳᠠᠨ᠎ᠠ᠂ ᠪᠠᠰᠠ ᠰᠣᠷᠣᠭᠴᠢᠳ ᠤᠨ ᠨᠠᠰᠣᠨ ᠤ ᠣᠨᠴᠠᠯᠢᠭ ᠤᠨ ᠬᠢᠵᠠᠭᠠᠷᠯᠠᠯ ᠵᠡᠷᠭᠡ ᠨᠦᠯᠦᠭᠡ ᠶᠢ ᠬᠦᠷᠳᠡᠨ᠎ᠡ᠂

ᠡᠶᠢᠮᠦ ᠠᠴᠠ ᠴᠢᠳᠠᠪᠣᠷᠢ ᠶᠢᠨ ᠳᠠᠯ᠎ᠠ ᠳᠠᠬᠢ ᠱᠠᠭᠠᠷᠳᠠᠯᠭ᠎ᠠ ᠨᠡᠯᠢᠶᠡᠳ ᠳᠣᠣᠷ᠎ᠠ ᠪᠠᠶᠢᠳᠠᠭ᠃ ᠲᠤᠬᠠᠢᠢᠯᠠᠪᠠᠯ᠂ ᠠᠩᠬ᠎ᠠ

ᠵᠡᠷᠭᠡ ᠶᠢᠨ ᠲᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠭᠡᠮᠵᠢᠶᠡᠨ ᠤ ᠰᠢᠯᠭᠠᠯᠳᠠ ᠶᠢᠨ ᠬᠡᠯᠡ ᠪᠢᠴᠢᠭ ᠤᠨ

ᠰᠢᠯᠭᠠᠯᠳᠠ ᠶᠢᠨ ᠰᠡᠳᠦᠪ ᠤᠨ ᠶᠡᠬᠡᠩᠬᠢ ᠬᠡᠰᠡᠭ ᠨᠢ ᠮᠡᠳᠡᠯᠭᠡ ᠶᠢᠨ ᠴᠢᠨᠠᠷᠳᠠᠢ ᠪᠠᠶᠢᠴᠠᠭᠠᠯᠳᠠ ᠪᠠᠶᠢᠵᠣ᠂

ᠴᠢᠳᠠᠪᠣᠷᠢ ᠶᠢᠨ ᠴᠢᠨᠠᠷᠳᠠᠢ ᠪᠠᠶᠢᠴᠠᠭᠠᠯᠳᠠ ᠶᠢᠨ ᠰᠡᠳᠦᠪ ᠮᠠᠰᠢ ᠴᠦᠬᠡᠨ ᠪᠠᠶᠢᠳᠠᠭ᠃ ᠰᠤᠷᠤᠭᠴᠢᠳ ᠬᠡᠳᠦ᠋ᠢᠪᠡᠷ

ᠰᠢᠯᠭᠠᠯᠳᠠ ᠳᠤ ᠦᠨᠳᠦᠷ ᠬᠤᠪᠢ ᠤᠯᠤᠭᠰᠠᠨ ᠪᠣᠯᠪᠠᠴᠣ ᠲᠠᠳᠠᠨ ᠳᠤ ᠰᠢᠨᠵᠢᠯᠡᠬᠦ ᠣᠬᠠᠭᠠᠨᠴᠢ ᠰᠣᠷᠣᠯᠴᠠᠬᠤ ᠳᠠᠳᠬᠠᠯ

ᠬᠦᠢᠴᠡᠳ ᠪᠦᠷᠢᠯᠳᠦᠭᠡᠳᠦᠢ᠂ ᠪᠠᠶᠢᠪᠠᠰᠣ ᠵᠣᠬᠢᠬᠤ ᠴᠢᠳᠠᠪᠣᠷᠢ ᠪᠠᠰᠠ ᠬᠠᠷᠠᠬᠠᠨ ᠪᠦᠷᠢᠨ ᠳᠡᠭᠦᠯᠳᠡᠷ ᠬᠦᠮᠦᠵᠢᠭᠳᠡᠭᠡᠳᠦᠢ

ᠪᠠᠶᠢᠳᠠᠭ᠃ ᠳᠡᠭᠡᠳᠦ ᠳᠣᠮᠳᠠᠳᠣ ᠳᠤ ᠳᠠᠪᠰᠢᠭ᠍ᠰᠡᠨ ᠤ ᠳᠠᠷᠠᠭ᠎ᠠ᠂ ᠬᠡᠰᠡᠭ ᠰᠣᠷᠣᠭᠴᠢ ᠪᠠᠰᠠ ᠴᠦ ᠣᠣᠯ ᠤᠨ ᠪᠠᠶᠢᠳᠠᠭ

ᠰᠣᠷᠣᠯᠴᠠᠬᠤ ᠠᠷᠭ᠎ᠠ ᠪᠠ ᠰᠡᠳᠬᠢᠬᠦᠢ ᠶᠢᠨ ᠬᠡᠯᠪᠡᠷᠢ ᠪᠠᠷ ᠢᠶᠠᠨ ᠰᠣᠷᠣᠯᠴᠠᠳᠠᠭ᠂ ᠪᠠᠭᠰᠢ ᠶᠢᠨ ᠵᠢᠯᠣᠭᠤᠳᠣᠯᠭ᠎ᠠ ᠳᠤ

ᠬᠡᠳᠦ ᠶᠡᠭᠡ ᠳᠦᠰᠢᠭᠯᠡᠵᠦ᠂ ᠮᠡᠳᠡᠯᠭᠡ ᠡᠵᠡᠮᠰᠢᠬᠦ ᠳᠤ ᠮᠧᠬᠠᠨᠢᠭ ᠢᠶᠠᠷ ᠴᠡᠭᠡᠵᠢᠯᠡᠬᠦ ᠪᠠᠷ ᠭᠤᠣᠯᠳᠠᠭᠤᠯᠳᠠᠭ᠃

ᠵᠢᠱᠢᠶᠡᠯᠡᠪᠡᠯ᠂ ᠰᠢᠯᠭᠠᠬᠤ ᠠᠴᠠ ᠡᠮᠦᠨ᠎ᠡ ᠴᠡᠭᠡᠵᠢᠯᠡᠬᠦ᠂ ᠬᠢᠴᠢᠶᠡᠯ ᠢᠶᠠᠨ ᠣᠩᠰᠢᠬᠤ᠂ ᠳᠠᠶᠢᠯᠪᠣᠷᠢ ᠶᠢ ᠴᠡᠭᠡᠵᠢᠯᠡᠬᠦ

ᠵᠡᠷᠭᠡ ᠪᠣᠯᠣᠨ᠎ᠠ᠃ ᠭᠡᠳᠡᠯ᠎ᠡ ᠳᠡᠭᠡᠳᠦ ᠳᠣᠮᠳᠠᠳᠣ ᠪᠣᠯ ᠠᠯᠪᠠᠨ ᠵᠢᠷᠣᠮ ᠤᠨ ᠰᠣᠷᠭᠠᠨ ᠬᠦᠮᠦᠵᠢᠯ ᠳᠤ ᠬᠠᠷᠢᠶᠠᠯᠠᠭᠳᠠᠬᠤ

ᠦᠭᠡᠢ᠂ ᠰᠢᠯᠭᠠᠬᠤ ᠰᠡᠳᠦᠪ ᠨᠢ ᠡᠩ ᠤᠨ ᠲᠡᠭᠡᠳᠤ ᠰᠤᠷᠭᠠᠭᠤᠯᠢ ᠶᠢᠨ ᠰᠤᠷᠤᠭᠴᠢ ᠡᠯᠰᠠᠭᠦ ᠪᠦᠭᠦ ᠤᠯᠤᠰ ᠤᠨ

ᠨᠢᠭᠡᠳᠤᠯᠳᠠᠢ ᠰᠢᠯᠭᠠᠯᠳᠠ ︵ᠲᠤᠷᠤᠭᠰᠢ ︽ᠤᠯᠤᠰ ᠤᠨ ᠨᠢᠭᠡᠳᠤᠯᠳᠠᠢ ᠰᠢᠯᠭᠠᠯᠳᠠ︾ ᠭᠡᠵᠦ ᠲᠤᠪᠴᠢᠯᠠᠪᠠ︶ ᠶᠢᠨ

ᠳᠣᠭᠤᠷᠢᠨ ᠳᠤ ᠡᠷᠬᠢᠯᠳᠦᠨ᠎ᠡ᠂ ᠴᠢᠳᠠᠪᠣᠷᠢ ᠶᠢ ᠪᠠᠶᠢᠴᠠᠭᠠᠬᠤ ᠶᠢ ᠨᠡᠩ ᠴᠢᠬᠤᠯᠠᠴᠢᠯᠠᠵᠣ ᠰᠢᠯᠭᠠᠨ᠎ᠠ᠃ ᠡᠬᠦᠨ ᠤ

ᠳᠡᠭᠡᠷ᠎ᠡ ᠰᠣᠷᠣᠭᠴᠢᠳ ᠤᠨ ᠠᠮᠢᠳᠣᠯᠢᠭ ᠰᠡᠳᠬᠢᠬᠦ ᠴᠢᠳᠠᠪᠣᠷᠢ ᠶᠢᠨ ᠳᠣᠳᠠᠮᠠᠭ ᠠᠴᠠ ᠪᠣᠯᠵᠣ᠂ ᠰᠢᠯᠭᠠᠯᠳᠠ ᠶᠢᠨ

ᠬᠤᠪᠢ ᠬᠠᠨᠣᠮᠵᠢ ᠦᠭᠡᠢ ᠪᠠᠶᠢᠳᠠᠭ᠃

      ᠳᠠᠷᠠᠭ᠎ᠠ ᠳᠤ ᠨᠢ᠂ ᠠᠩᠬ᠎ᠠ ᠳᠣᠮᠳᠠᠳᠣ ᠶᠢᠨ ᠪᠠᠶᠢᠴᠠᠭᠠᠯᠳᠠ ᠪᠤᠯ ᠭᠤᠤᠯᠳᠠᠭᠤ ᠰᠠᠭᠤᠷᠢ ᠮᠡᠳᠡᠯᠭᠡ ᠶᠢᠨ

ᠪᠠᠶᠢᠴᠠᠭᠠᠯᠳᠠ ᠪᠣᠯᠣᠨ᠎ᠠ᠂ ᠬᠢᠴᠢᠶᠡᠯ ᠤᠨ ᠨᠣᠮ ᠢᠶᠠᠷ ᠦᠨᠳᠦᠰᠦᠯᠡᠯ ᠪᠣᠯᠭᠠᠵᠣ᠂ ᠬᠢᠴᠢᠶᠡᠯ ᠤᠨ ᠨᠣᠮ ᠳᠠᠬᠢ ᠣᠣᠯ

ᠵᠣᠬᠢᠶᠠᠯ ᠢᠶᠠᠷ ᠰᠢᠯᠭᠠᠨ᠎ᠠ᠂ ᠡᠶᠢᠮᠦᠷᠬᠦᠦ ᠪᠠᠶᠢᠴᠠᠭᠠᠬᠤ ᠬᠡᠯᠪᠡᠷᠢ ᠨᠢ ᠰᠣᠷᠣᠭᠴᠢᠳ ᠢ ᠬᠢᠴᠢᠶᠡᠯ ᠤᠨ ᠨᠣᠮ ᠳᠠᠬᠢ

ᠠᠭᠤᠯᠭ᠎ᠠ ᠶᠢ ᠦᠬᠦᠮᠡᠯ ᠢᠶᠠᠷ ᠴᠡᠭᠡᠵᠢᠯᠡᠬᠦ ᠳᠤ ᠬᠦᠴᠦ ᠳᠠᠯᠪᠢᠭᠤᠯᠵᠣ᠂ ᠵᠦᠪᠬᠡᠨ ᠰᠢᠯᠭᠠᠬᠤ ᠠᠴᠠ ᠡᠮᠦᠨᠡᠬᠢ

ᠬᠡᠨᠡᠳᠳᠡ ᠶᠢᠨ ᠰᠢᠪᠳᠣᠯᠣᠯᠳᠠ ᠶᠢ ᠰᠠᠶᠢᠨ ᠬᠢᠪᠠᠯ ᠰᠢᠯᠭᠠᠯᠳᠠ ᠳᠤ ᠦᠨᠳᠤᠷ ᠬᠤᠪᠢ ᠤᠯᠵᠤ ᠪᠣᠯᠣᠨ᠎ᠠ᠃ ᠡᠶᠢᠮᠦᠷᠭᠦᠦ

ᠠᠰᠢᠭ ᠦᠭᠡᠢ ᠰᠣᠷᠣᠯᠴᠠᠬᠤ ᠳᠠᠳᠬᠠᠯ ᠤᠨ ᠬᠦᠮᠦᠵᠢᠬᠦᠯᠤᠯ ᠨᠢ ᠳᠡᠭᠡᠳᠦ ᠳᠣᠮᠳᠠᠳᠣ ᠶᠢᠨ ᠶᠡᠷᠦ ᠶᠢᠨ ᠴᠠᠭ ᠤᠨ

ᠬᠤᠷᠠᠮᠳᠣᠭᠤᠯᠣᠯ ᠢ ᠪᠠᠶᠢᠴᠠᠭᠠᠬᠤ᠂ ᠬᠡᠯᠡ ᠪᠢᠴᠢᠭ ᠤᠨ ᠶᠡᠷᠦᠩᠬᠡᠶᠢᠯᠡᠭᠰᠡᠨ ᠬᠡᠷᠡᠭᠯᠡᠯᠳᠡ ᠶᠢᠨ ᠴᠢᠳᠠᠪᠣᠷᠢ ᠲᠠᠢ ᠵᠦᠷᠢᠶ᠎ᠠ

ᠭᠠᠷᠬᠤ ᠪᠣᠯᠣᠨ᠎ᠠ᠃ ᠠᠩᠬ᠎ᠠ ᠳᠣᠮᠳᠠᠳᠣ ᠶᠢᠨ ᠨᠢᠬᠡ ᠬᠡᠰᠡᠭ ᠵᠢᠭᠠᠨ ᠰᠣᠷᠭᠠᠯᠳᠠ ᠶᠢᠨ ᠬᠠᠷᠠᠯᠳᠠ ᠨᠢ ᠳᠡᠭᠡᠳᠦ

ᠳᠣᠮᠳᠠᠳᠣ ᠶᠢᠨ ᠵᠢᠭᠠᠨ ᠰᠣᠷᠭᠠᠯᠳᠠ ᠲᠠᠢ ᠬᠦᠨᠳᠡᠶᠢᠷᠡᠵᠡᠢ᠃ ᠵᠢᠱᠢᠶᠡᠯᠡᠪᠡᠯ᠂ ᠵᠦᠪ ᠪᠢᠴᠢᠯᠭᠡ᠂ ᠠᠪᠢᠶ᠎ᠠ ᠵᠦᠢ᠂

ᠦᠬᠡ ᠵᠦᠢ᠂ ᠦᠬᠦᠯᠡᠪᠦᠷᠢ ᠵᠦᠢ᠂ ᠦᠬᠡᠰ ᠤᠨ ᠰᠠᠩ ᠤᠨ ᠵᠦᠢ ᠶᠢ ᠨᠠᠷᠢᠯᠢᠬ ᠵᠢᠭᠠᠬᠤ ᠦᠭᠡᠢ ᠠᠴᠠ ᠰᠣᠷᠣᠭᠴᠢᠳ

ᠳᠡᠭᠡᠳᠦ ᠳᠣᠮᠳᠠᠳᠣ ᠳᠤ ᠪᠠᠨ ᠳᠠᠭᠠᠪᠣᠷᠢ ᠨᠦᠭᠦᠴᠡᠯ ᠢ ᠪᠣᠷᠣᠭᠤ ᠬᠡᠷᠡᠭᠯᠡᠬᠦ᠂ ᠳᠠᠰᠢᠶ᠎ᠠ ᠦᠰᠦᠭ ᠪᠢᠴᠢᠬᠦ᠂ ᠡᠮᠵᠡᠭ

ᠦᠬᠦᠯᠡᠪᠦᠷᠢ ᠨᠠᠶᠢᠷᠠᠭᠤᠯᠬᠤ᠂ ᠦᠬᠡ ᠶᠢ ᠵᠣᠬᠢᠰ ᠦᠭᠡᠢ ᠬᠡᠷᠡᠭᠯᠡᠬᠦ ᠵᠡᠷᠭᠡ ᠣᠯᠠᠨ ᠳᠠᠯ᠎ᠠ ᠶᠢᠨ ᠠᠰᠠᠭᠤᠳᠠᠯ ᠴᠣᠪᠣᠷᠠᠨ

ᠭᠠᠷᠴᠣ ᠢᠷᠡᠳᠡᠭ᠃ ᠡᠨᠡ ᠨᠢ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠳᠤ ᠣᠯᠠᠨ ᠬᠦᠴᠢᠷᠳᠡᠯ ᠢ

ᠪᠣᠢ ᠪᠣᠯᠭᠠᠳᠠᠭ᠃

      ᠲᠠᠬᠢᠪᠠᠯ᠂ ᠳᠡᠭᠡᠳᠦ ᠨᠢᠬᠡ ᠳᠤ ᠠᠮᠠᠷᠠᠯᠳᠠ ᠶᠢᠨ ᠡᠳᠦᠷ ᠣᠯᠠᠨ᠂ ᠶᠡᠷᠦ ᠨᠢ ᠵᠢᠭᠠᠨ ᠰᠤᠷᠭᠠᠯᠳᠠ ᠶᠢᠨ ᠴᠠᠭ

ᠪᠠᠴᠢᠮ ᠡᠭᠦᠷᠭᠡ ᠬᠦᠨᠳᠦ ᠪᠠᠶᠢᠳᠠᠭ᠂ ᠪᠠᠭᠰᠢ ᠨᠠᠷ ᠬᠡᠷᠪᠡ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ

ᠵᠣᠯᠭᠠᠯᠳᠠ ᠶᠢ ᠰᠠᠶᠢᠳᠣᠷ ᠰᠢᠢᠳᠪᠦᠷᠢᠯᠡᠬᠦ ᠦᠭᠡᠢ ᠪᠠᠷ ᠵᠢᠭᠠᠬᠤ ᠠᠬᠢᠴᠠ ᠪᠠᠨ ᠮᠦᠷᠳᠡᠪᠡᠯ᠂ ᠡᠰᠡᠪᠡᠯ

ᠬᠦᠴᠢᠷᠳᠡᠯᠭᠡ ᠲᠠᠢ ᠰᠡᠳᠦᠪ ᠭᠠᠷᠭᠠᠵᠣ ᠰᠣᠷᠣᠭᠴᠢᠳ ᠲᠤ ᠰᠦᠷᠳᠡᠬᠦᠯᠬᠦ ᠲᠦᠷᠦᠭᠳᠡᠯ ᠦᠭᠪᠡᠯ᠂ ᠰᠣᠷᠣᠭᠴᠢᠳ

ᠰᠣᠷᠣᠯᠴᠠᠯᠭ᠎ᠠ ᠶᠢ ᠵᠢᠭᠰᠢᠬᠦ ᠰᠡᠳᠬᠢᠯᠬᠡ ᠡᠭᠦᠰᠴᠦ᠂ ᠢᠳᠡᠪᠬᠢᠵᠢᠯ ᠨᠢ ᠪᠠᠭᠤᠷᠠᠵᠣ᠂ ᠳᠡᠭᠡᠳᠦ ᠳᠣᠮᠳᠠᠳᠣ ᠶᠢᠨ ᠬᠡᠯᠡ

ᠪᠢᠴᠢᠭ ᠤᠨ ᠰᠣᠷᠣᠯᠴᠠᠯᠭ᠎ᠠ ᠳᠤ ᠵᠣᠬᠢᠬᠤ ᠬᠡᠮᠵᠢᠶᠡᠨ ᠤ ᠪᠡᠷᠬᠡᠰᠢᠶᠡᠯ ᠠᠪᠴᠢᠷᠠᠳᠠᠭ᠃

      ᠡᠴᠦᠰ ᠲᠤ᠂ ᠬᠡᠯᠡ ᠪᠢᠴᠢᠭ ᠤᠨ ᠬᠢᠴᠢᠶᠡᠯ ᠤᠨ ᠣᠨᠴᠠᠯᠢᠭ ᠨᠢ ᠬᠦᠮᠦᠨ ᠪᠦᠬᠦᠨ ᠣᠶᠢᠯᠠᠭᠠᠬᠤ ᠰᠢᠬ ᠪᠦᠭᠡᠳ

ᠬᠦᠮᠦᠨ ᠪᠦᠬᠦᠨ ᠨᠡᠪᠳᠡᠷᠬᠡᠢ ᠪᠢᠰᠢ ᠣᠨᠴᠠᠯᠢᠭ ᠲᠠᠢ ᠪᠣᠯᠵᠠᠢ᠃ ᠰᠣᠷᠣᠭᠴᠢᠳ ᠤᠨ ᠬᠢᠷᠢ ᠪᠦᠲᠦᠮᠵᠢ ᠨᠡᠯᠢᠶᠡᠳ

ᠳᠣᠭᠳᠠᠭᠤᠨ᠂ ᠪᠣᠰᠣᠳ ᠬᠢᠴᠢᠶᠡᠯ ᠲᠦᠷᠦᠯ ᠰᠢᠭ ᠰᠣᠯᠠᠷᠠᠭᠤᠯᠪᠠᠯ ᠬᠡᠳᠦ ᠳᠣᠣᠷ᠎ᠠ ᠪᠣᠯᠬᠤ ᠪᠠᠶᠢᠳᠠᠯ ᠦᠬᠡᠢ᠂

ᠡᠶᠢᠮᠦ ᠠᠴᠠ ᠰᠣᠷᠣᠭᠴᠢᠳ ᠬᠡᠯᠡ ᠪᠢᠴᠢᠭ ᠤᠨ ᠰᠣᠷᠣᠯᠴᠠᠯᠭ᠎ᠠ ᠶᠢ ᠬᠦᠨᠳᠦᠳᠭᠡᠬᠦ ᠦᠭᠡᠢ᠂ ᠳᠣᠷ᠎ᠠ ᠪᠠᠷ ᠢᠶᠠᠨ

ᠠᠷᠭᠠᠴᠠᠭᠠᠵᠣ ᠪᠠᠶᠢᠨ᠎ᠠ᠃

      ᠭᠤᠷᠪᠠ᠂ ᠰᠢᠨ᠎ᠡ ᠬᠢᠴᠢᠶᠡᠯ ᠤᠨ ᠪᠠᠷᠢᠮᠵᠢᠶᠡᠨ ᠤ ᠠᠬᠤᠢ ᠪᠠᠶᠢᠳᠠᠯ ᠳᠠᠬᠢ ᠠᠩᠬ᠎ᠠ ᠳᠣᠮᠳᠠᠳᠣ ᠪᠠ ᠳᠡᠭᠡᠳᠦ

ᠳᠣᠮᠳᠠᠳᠣ ᠶᠢᠨ ᠬᠡᠯᠡ ᠪᠢᠴᠢᠭ ᠤᠨ ᠣᠨᠴᠠᠯᠢᠭ

      ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠬᠤ ᠠᠭᠤᠯᠭ᠎ᠠ ᠶᠢ ᠣᠶᠢᠯᠠᠭᠠᠶ᠎ᠠ ᠭᠡᠪᠡᠯ᠂ ᠡᠩ

ᠲᠡᠷᠢᠬᠦᠨ ᠳᠤ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠵᠢᠭᠠᠬᠤ ᠮᠠᠲ᠋ᠧᠷᠢᠶᠠᠯ ᠤᠨ ᠵᠦᠷᠢᠶ᠎ᠠ ᠶᠢ ᠣᠶᠢᠯᠠᠭᠠᠬᠤ

ᠬᠡᠷᠡᠭᠳᠡᠢ᠃ ᠠᠩᠬ᠎ᠠ ᠳᠣᠮᠳᠠᠳᠣ ᠶᠢᠨ ᠬᠡᠯᠡ ᠪᠢᠴᠢᠭ ᠢ ᠨᠠᠶᠢᠷᠠᠭᠤᠯᠬᠤ ᠵᠢᠯᠣᠭᠤᠳᠬᠤ ᠦᠵᠡᠯ ᠰᠠᠨᠠᠭ᠎ᠠ ᠪᠣᠯ᠄

ᠠᠮᠢᠳᠣᠷᠠᠯ ᠲᠠᠢ ᠬᠤᠯᠪᠣᠵᠣ᠂ ᠪᠠᠳᠣ ᠪᠠᠬᠢ᠂ ᠣᠶᠠᠨ ᠬᠠᠳᠠᠨ᠂ ᠡᠮᠬᠢ ᠵᠢᠷᠣᠮ ᠲᠠᠢ ᠬᠡᠯᠡ ᠪᠢᠴᠢᠭ ᠤᠨ ᠰᠠᠭᠤᠷᠢ

ᠪᠣᠯᠪᠠᠰᠣᠷᠠᠯ ᠢ ᠶᠠᠪᠣᠭᠳᠠᠭᠤᠯᠣᠨ᠎ᠠ᠂ ᠮᠣᠩᠭᠤᠯ ᠬᠡᠯᠡᠨ ᠤ ᠵᠦᠪ ᠣᠨᠣᠪᠴᠢᠳᠠᠢ ᠣᠶᠢᠯᠠᠭᠠᠯᠳᠠ ᠪᠠ ᠬᠡᠷᠡᠭᠯᠡᠯᠳᠡ ᠶᠢᠨ

ᠴᠢᠳᠠᠪᠣᠷᠢ ᠶᠢ ᠬᠦᠮᠦᠵᠢᠬᠦᠯᠦᠨ᠎ᠡ᠂ ᠪᠣᠯᠪᠠᠰᠣᠷᠠᠯ ᠤᠨ ᠶᠠᠪᠣᠴᠠ ᠳᠣᠮᠳᠠ ᠮᠡᠳᠡᠯᠬᠡ ᠣᠯᠠᠮᠵᠢᠯᠠᠵᠣ᠂ ᠣᠶᠣᠨ ᠢ ᠨᠢ

ᠬᠦᠭᠵᠢᠬᠦᠯᠵᠦ᠂ ᠦᠵᠡᠯ ᠣᠬᠠᠮᠰᠠᠷ ᠢ ᠨᠢ ᠳᠡᠭᠡᠭᠰᠢᠯᠡᠬᠦᠯᠦᠨ᠎ᠡ᠃

      ᠠᠩᠬ᠎ᠠ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠶᠢᠨ ᠭᠤᠷᠪᠠᠨ ᠶᠠᠪᠣᠴᠠ᠄ ᠨᠢᠭᠡᠳᠦᠭᠡᠷ ᠱᠠᠳᠣ᠂

ᠬᠡᠯᠡ ᠪᠢᠴᠢᠭ ᠪᠠ ᠠᠮᠢᠳᠣᠷᠠᠯ ᠤᠨ ᠬᠠᠷᠢᠴᠠᠭ᠎ᠠ ᠶᠢ ᠰᠣᠷᠣᠭᠴᠢᠳ ᠲᠤ ᠳᠠᠨᠢᠭᠤᠯᠣᠨ᠎ᠠ᠃ ᠬᠡᠯᠡ ᠪᠢᠴᠢᠭ ᠤᠨ ᠡᠩ ᠤᠨ

ᠴᠢᠳᠠᠪᠣᠷᠢ ᠶᠢ ᠭᠤᠣᠯᠴᠢᠯᠠᠨ ᠬᠦᠮᠦᠵᠢᠬᠦᠯᠦᠨ᠎ᠡ᠂ ᠬᠢᠴᠢᠶᠡᠯ ᠢ ᠠᠮᠢᠳᠣᠷᠠᠯ ᠤᠨ ᠠᠭᠤᠯᠭ᠎ᠠ ᠶᠢ ᠳᠣᠰᠬᠠᠭᠰᠠᠨ ᠲᠦᠷᠦᠯ

ᠵᠦᠢᠯ ᠢᠶᠠᠷ ᠨᠢ ᠨᠠᠶᠢᠷᠠᠭᠤᠯᠣᠨ ᠵᠢᠭᠰᠠᠭᠠᠨ᠎ᠠ᠃ ᠬᠤᠶᠠᠳᠣᠭᠠᠷ ᠱᠠᠳᠣ ᠨᠢ᠂ ᠠᠮᠢᠳᠣᠷᠠᠯ ᠲᠠᠢ ᠬᠤᠯᠪᠣᠵᠣ᠂ ᠳᠡᠮᠳᠡᠭᠯᠡᠨ

ᠳᠣᠭᠠᠴᠢᠬᠤ᠂ ᠳᠠᠶᠢᠯᠪᠣᠷᠢᠯᠠᠨ ᠳᠣᠳᠣᠷᠬᠠᠶᠢᠯᠠᠬᠤ᠂ ᠰᠢᠬᠦᠮᠵᠢᠯᠡᠨ ᠦᠬᠦᠯᠡᠬᠦ ᠴᠢᠳᠠᠪᠣᠷᠢ  ᠶᠢ ᠭᠤᠣᠯᠴᠢᠯᠠᠨ

ᠬᠦᠮᠦᠵᠢᠬᠦᠯᠦᠨ᠎ᠡ᠂ ᠬᠢᠴᠢᠶᠡᠯ ᠢ ᠢᠯᠡᠳᠭᠡᠬᠦ ᠠᠷᠭ᠎ᠠ ᠪᠠᠷᠢᠯ ᠢᠶᠠᠷ ᠨᠢ ᠨᠠᠶᠢᠷᠠᠭᠤᠯᠣᠨ ᠵᠢᠭᠰᠠᠭᠠᠨ᠎ᠠ᠃ ᠭᠤᠷᠪᠠᠳᠣᠭᠠᠷ

ᠱᠠᠳᠣ ᠨᠢ᠂ ᠠᠮᠢᠳᠣᠷᠠᠯ ᠳᠣᠮᠳᠠᠬᠢ ᠪᠣᠳᠠᠳᠠᠢ ᠬᠡᠷᠡᠭᠯᠡᠭᠡᠨ ᠤ ᠬᠡᠯᠡ ᠪᠢᠴᠢᠭ ᠤᠨ ᠴᠢᠳᠠᠪᠣᠷᠢ ᠶᠢ ᠭᠤᠣᠯᠴᠢᠯᠠᠨ

ᠬᠦᠮᠦᠵᠢᠬᠦᠯᠦᠨ᠎ᠠ᠂ ᠪᠠᠰᠠ ᠣᠷᠠᠨ ᠵᠣᠬᠢᠶᠠᠯ ᠤᠨ ᠰᠣᠨᠢᠷᠬᠠᠮᠵᠢ ᠶᠢᠨ ᠴᠢᠳᠠᠪᠣᠷᠢ ᠶᠢ ᠬᠦᠮᠦᠵᠢᠬᠦᠯᠦᠨ᠎ᠡ᠂ ᠬᠢᠴᠢᠶᠡᠯ ᠢ

ᠰᠲ᠋ᠢᠯᠢ ᠲᠦᠷᠦᠯ ᠢᠶᠠᠷ ᠨᠢ ᠨᠠᠶᠢᠷᠠᠭᠤᠯᠣᠨ ᠵᠢᠭᠰᠠᠭᠠᠨ᠎ᠠ᠃

      ᠠᠩᠬ᠎ᠠ ᠳᠣᠮᠳᠠᠳᠣ ᠶᠢᠨ ᠬᠡᠯᠡ ᠪᠢᠴᠢᠭ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ

ᠰᠣᠷᠭᠠᠯᠳᠠ ᠶᠢᠨ ᠱᠠᠭᠠᠷᠳᠠᠯᠭ᠎ᠠ᠂ ᠠᠭᠤᠯᠭ᠎ᠠ᠂ ᠠᠷᠭ᠎ᠠ ᠠᠪᠴᠠᠯ ᠵᠡᠷᠭᠡ ᠳᠠᠯ᠎ᠠ ᠪᠠᠷ ᠬᠠᠷᠢᠴᠠᠭ᠎ᠠ ᠬᠤᠯᠪᠣᠭ᠎ᠠ ᠲᠠᠢ

ᠮᠦᠷᠲᠡᠭᠡᠨ ᠪᠠᠰᠠ ᠠᠳᠠᠯᠢ ᠪᠣᠰᠣ ᠳᠠᠯ᠎ᠠ ᠪᠠᠶᠢᠳᠠᠭ᠃ ᠵᠢᠱᠢᠶᠡᠯᠡᠪᠡᠯ᠂ ᠠᠩᠬ᠎ᠠ ᠳᠣᠮᠳᠠᠳᠣ ᠶᠢᠨ ᠬᠡᠯᠡ ᠪᠢᠴᠢᠭ ᠤᠨ

ᠪᠦᠲᠦᠴᠡ ᠳᠠᠪᠬᠤᠷᠭ᠎ᠠ ᠠᠴᠠ ᠦᠵᠡᠪᠡᠯ᠂ ᠠᠯᠢ ᠨᠢᠭᠡᠨ ᠵᠢᠭᠠᠬᠤ ᠮᠠᠲ᠋ᠧᠷᠢᠶᠠᠯ ᠠᠴᠠ ᠠᠯᠢ ᠨᠢᠬᠡᠨ ᠨᠢᠬᠡᠴᠢ᠂ ᠳᠠᠬᠢᠨ

ᠠᠯᠢ ᠨᠢᠬᠡᠨ ᠬᠢᠴᠢᠶᠡᠯ ᠬᠦᠷᠲᠡᠯ᠎ᠡ ᠪᠦᠷ ᠨᠠᠷᠢᠨ ᠳᠣᠳᠣᠷᠬᠠᠢ ᠭᠤᠣᠯᠳᠠᠯᠭ᠎ᠠ ᠶᠢᠨ ᠳᠣᠳᠣᠷᠬᠠᠶᠢᠯᠠᠯᠳᠠ ᠪᠠ

ᠣᠷᠢᠳᠴᠢᠯᠠᠨ ᠰᠣᠷᠣᠯᠴᠠᠬᠤ ᠰᠠᠨᠠᠭᠤᠯᠣᠮᠵᠢ᠂ ᠬᠢᠴᠢᠶᠡᠯ ᠤᠨ ᠳᠠᠷᠠᠭᠠᠬᠢ ᠪᠣᠯᠪᠠᠰᠣᠷᠠᠯ ᠤᠨ ᠲᠦᠰᠦᠪᠯᠡᠯ ᠴᠦ ᠨᠡᠯᠢᠶᠠᠳ

ᠬᠦᠢᠴᠡᠳ ᠪᠣᠳᠠᠳᠠᠢ᠂ ᠴᠢᠨᠠᠷᠯᠢᠭ ᠮᠦᠷᠲᠡᠭᠡᠨ ᠪᠠᠭᠳᠠᠭᠠᠮᠵᠢ ᠲᠠᠢ ᠪᠠᠶᠢᠳᠠᠭ᠂ ᠬᠡᠷᠪᠡ ᠨᠢᠬᠡᠴᠢ ᠪᠣᠯᠭᠠᠨ ᠤ ᠠᠷᠣ ᠳᠤ

︽ᠣᠩᠰᠢᠨ ᠵᠠᠳᠠᠯᠬᠤ ᠪᠣᠯᠪᠠᠰᠣᠷᠠᠯ︾᠂ ︽ᠰᠣᠨᠣᠰᠴᠣ ᠶᠠᠷᠢᠬᠤ ᠪᠣᠯᠪᠠᠰᠣᠷᠠᠯ︾᠂ ︽ᠵᠣᠬᠢᠶᠠᠨ ᠪᠢᠴᠢᠬᠦ ᠪᠣᠯᠪᠠᠰᠣᠷᠠᠯ︾ ᠤᠨ

ᠲᠦᠰᠦᠪᠯᠡᠯ ᠪᠠᠶᠢᠪᠠᠯ᠂ ᠠᠩᠬ᠎ᠠ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠨᠢ ᠬᠡᠯᠡ ᠪᠢᠴᠢᠭ ᠤᠨ

ᠰᠠᠭᠤᠷᠢ ᠮᠡᠳᠡᠯᠭᠡ ︽ᠰᠣᠨᠣᠰᠬᠤ᠂ ᠶᠠᠷᠢᠬᠤ᠂ ᠣᠩᠰᠢᠬᠤ᠂ ᠪᠢᠴᠢᠬᠦ︾ ᠴᠢᠳᠠᠪᠣᠷᠢ ᠶᠢᠨ ᠬᠦᠮᠦᠵᠢᠬᠦᠯᠦᠯᠳᠡ ᠶᠢ

ᠢᠯᠡᠷᠡᠬᠦᠯᠦᠨ᠎ᠡ᠃ ᠡᠳᠡᠭᠡᠷ ᠮᠡᠳᠡᠯᠬᠡ ᠶᠢᠨ ᠳᠠᠪᠬᠤᠷᠭ᠎ᠠ ᠳᠠᠬᠢ ᠳᠣᠬᠢᠷᠠᠭᠤᠯᠭ᠎ᠠ ᠨᠢ ᠵᠣᠬᠢᠰᠳᠠᠢ ᠮᠦᠷᠲᠡᠭᠡᠨ

ᠳᠠᠷᠠᠭᠠᠯᠠᠯ ᠲᠠᠢ ᠠᠴᠠ ᠪᠣᠯᠵᠣ᠂ ᠰᠣᠷᠣᠭᠴᠢᠳ ᠰᠣᠷᠣᠯᠴᠠᠬᠤ ᠳᠤ ᠪᠣᠳᠠᠳᠠᠢ ᠰᠠᠨᠠᠭᠳᠠᠵᠣ᠂ ᠬᠦᠯᠢᠶᠡᠨ ᠠᠪᠬᠤ ᠳᠤ

ᠠᠮᠠᠷ ᠪᠠᠶᠢᠳᠠᠭ᠃

      ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠵᠢᠯᠣᠭᠤᠳᠬᠤ ᠦᠵᠡᠯ ᠰᠠᠨᠠᠭ᠎ᠠ ᠪᠣᠯ᠄

ᠰᠣᠷᠣᠭᠴᠢᠳ ᠤᠨ ᠣᠷᠴᠢᠨ ᠴᠠᠭ ᠤᠨ ᠮᠣᠩᠭᠤᠯ ᠬᠡᠯᠡᠨ ᠤ ᠣᠩᠰᠢᠬᠤ ᠴᠢᠳᠠᠪᠣᠷᠢ᠂ ᠵᠣᠬᠢᠶᠠᠨ ᠪᠢᠴᠢᠬᠦ ᠴᠢᠳᠠᠪᠣᠷᠢ ᠪᠠ

ᠰᠣᠨᠣᠰᠴᠣ ᠶᠠᠷᠢᠬᠤ ᠴᠢᠳᠠᠪᠣᠷᠢ ᠶᠢ ᠣᠯᠠᠮ ᠨᠢᠬᠡ ᠠᠯᠬᠤᠮ ᠳᠡᠭᠡᠭᠰᠢᠯᠡᠬᠦᠯᠵᠦ᠂ ᠰᠣᠷᠣᠭᠴᠢᠳ ᠤᠨ ᠠᠩᠬ᠎ᠠ ᠠᠯᠬᠤᠮ

ᠪᠦᠷᠢᠯᠳᠦᠭᠦᠯᠦᠭᠰᠡᠨ ᠣᠷᠠᠨ ᠵᠣᠬᠢᠶᠠᠯ ᠢ ᠣᠩᠰᠢᠨ ᠰᠣᠨᠢᠷᠬᠠᠬᠤ ᠴᠢᠳᠠᠪᠣᠷᠢ ᠪᠠ ᠯᠠᠪᠯᠠᠬᠤ ᠪᠢᠴᠢᠭ ᠵᠡᠷᠭᠡ ᠶᠢ ᠬᠡᠷᠡᠭᠯᠡᠨ

ᠬᠦᠢᠬᠡᠨ ᠳᠦᠬᠦᠮ ᠡᠷᠳᠡᠨ ᠤ ᠬᠡᠯᠡᠨ ᠤ ᠵᠣᠬᠢᠶᠠᠯ ᠢ ᠣᠩᠰᠢᠬᠤ ᠴᠢᠳᠠᠪᠣᠷᠢ ᠶᠢ ᠣᠯᠠᠮ ᠨᠢᠬᠡ ᠠᠯᠬᠤᠮ

ᠳᠡᠭᠡᠭᠰᠢᠯᠡᠬᠦᠯᠦᠨ᠎ᠡ᠃ ᠰᠣᠷᠣᠭᠴᠢᠳ ᠢ ᠬᠡᠯᠡ ᠪᠢᠴᠢᠭ ᠤᠨ ᠰᠠᠭᠤᠷᠢ ᠮᠡᠳᠡᠯᠬᠡ  ᠶᠢ ᠪᠠᠳᠣ ᠪᠠᠬᠢ ᠰᠣᠷᠣᠯᠴᠠᠭᠤᠯᠵᠣ᠂

ᠬᠡᠯᠡ ᠪᠢᠴᠢᠭ ᠤᠨ ᠦᠨᠳᠦᠰᠦᠨ ᠴᠢᠳᠠᠪᠣᠷᠢ ᠶᠢ ᠬᠢᠨᠠᠭᠤᠷ ᠯᠠᠪᠳᠠᠭᠤᠨ ᠢᠶᠠᠷ ᠬᠦᠮᠦᠵᠢᠬᠦᠯᠦᠨ᠎ᠡ᠃ ᠠᠮᠢᠳᠣᠯᠢᠭ

ᠴᠣᠪᠣᠭᠤᠯᠢᠭ ᠢᠶᠠᠷ ᠣᠶᠣᠨᠯᠢᠭ ᠴᠢᠳᠠᠪᠣᠷᠢ ᠶᠢ ᠨᠢ ᠬᠦᠭᠵᠢᠬᠦᠯᠦᠨ᠎ᠡ᠂ ᠪᠦᠷᠢᠨ ᠳᠡᠭᠦᠯᠳᠡᠷ ᠬᠦᠮᠦᠨ ᠮᠦᠰᠣ ᠶᠢ

ᠬᠦᠮᠦᠵᠢᠬᠦᠯᠦᠨ᠎ᠡ᠃ ᠬᠢᠴᠢᠶᠡᠯ ᠤᠨ ᠪᠢᠴᠢᠭ ᠤᠨ ᠠᠭᠤᠯᠭ᠎ᠠ ᠶᠢᠨ ᠵᠢᠭᠰᠠᠭᠠᠯᠳᠠ ᠨᠢ ᠨᠢᠬᠡᠳᠦᠮᠡᠯ ᠴᠢᠨᠠᠷ ᠢ

ᠳᠣᠪᠤᠶᠢᠯᠭᠠᠵᠠᠢ᠃ ︽ᠬᠦᠮᠦᠨ ᠢᠶᠠᠷ ᠦᠨᠳᠦᠰᠦ ᠪᠣᠯᠭᠠᠬᠤ︾᠂ ︽ᠵᠢᠮ᠎ᠡ ᠶᠣᠰᠣ ᠶᠢ ᠵᠢᠷᠣᠮᠯᠠᠬᠤ︾᠂ ︽ᠨᠡᠶᠢᠳᠭᠡᠬᠦ ᠶᠢ

ᠬᠦᠨᠳᠦᠳᠭᠡᠬᠦ︾᠂ ︽ᠰᠣᠷᠣᠯᠴᠠᠯᠭ᠎ᠠ ᠶᠢ ᠵᠢᠯᠣᠭᠤᠳᠣᠨ ᠳᠠᠭᠠᠭᠤᠯᠬᠤ︾᠂ ︽ᠨᠡᠬᠡᠬᠡᠯᠳᠡ ᠶᠢ ᠰᠣᠷᠳᠠᠯᠴᠢᠯᠠᠬᠤ︾ ᠳᠠᠪᠣᠨ

ᠶᠡᠭᠡ ᠣᠨᠴᠠᠯᠢᠭ ᠢ ᠬᠦᠢᠴᠡᠳ ᠢᠯᠡᠷᠡᠬᠦᠯᠵᠡᠢ᠃

      ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠭᠡᠯᠡ ᠪᠢᠴᠢᠭ ᠤᠨ ᠵᠢᠭᠠᠨ ᠰᠣᠷᠭᠠᠯᠳᠠ ᠳᠤ ᠮᠡᠳᠡᠯᠬᠡ ᠶᠢᠨ

ᠰᠡᠳᠬᠢᠬᠦᠢ ᠶᠢᠨ ᠳᠠᠪᠬᠤᠷᠭ᠎ᠠ ᠳᠠᠬᠢ ᠵᠦᠷᠢᠶ᠎ᠠ᠂ ᠰᠣᠷᠣᠯᠴᠠᠬᠤ ᠠᠷᠭ᠎ᠠ ᠶᠢᠨ ᠵᠦᠷᠢᠶ᠎ᠡ᠂ ᠮᠡᠳᠡᠯᠬᠡ ᠶᠢᠨ ᠰᠢᠰᠲ᠋ᠧᠮ ᠤᠨ

ᠵᠦᠷᠢᠶ᠎ᠡ ᠵᠡᠷᠭᠡ ᠭᠤᠷᠪᠠᠨ ᠶᠡᠭᠡ ᠵᠦᠷᠢᠶ᠎ᠡ ᠣᠷᠣᠰᠢᠵᠣ ᠪᠠᠶᠢᠨ᠎ᠠ᠃ ᠭᠡᠳᠡᠯ᠎ᠡ ᠠᠩᠬ᠎ᠠ ᠳᠣᠮᠳᠠᠳᠣ ᠪᠠ ᠳᠡᠭᠡᠳᠦ

ᠳᠣᠮᠳᠠᠳᠣ ᠬᠤᠶᠠᠷ ᠱᠠᠳᠣᠨ ᠳᠠᠬᠢ ᠵᠢᠭᠠᠨ ᠰᠣᠷᠭᠠᠯᠳᠠ ᠶᠢ ᠵᠠᠪᠠᠯ ᠬᠤᠯᠪᠣᠬᠤ ᠬᠡᠷᠡᠭᠳᠡᠢ᠂ ᠡᠭᠦᠨ ᠢᠶᠠᠷ ᠲᠠᠮᠵᠢᠭᠤᠯᠤᠨ

ᠪᠢᠳᠡ ᠰᠣᠷᠣᠭᠴᠢᠳ ᠢ ᠨᠡᠩ ᠰᠠᠶᠢᠨ ᠬᠦᠭᠵᠢᠬᠦᠯᠵᠦ᠂ ᠳᠠᠳᠬᠠᠯᠰᠢᠬᠤ ᠬᠤᠭᠤᠴᠠᠭ᠎ᠠ ᠶᠢ ᠳᠣᠭᠤᠯᠣᠭᠤᠯᠵᠣ᠂

ᠳᠡᠳᠡᠨ ᠤ ᠡᠷᠡᠬᠦᠯ ᠢᠶᠠᠷ ᠦᠰᠦᠨ ᠪᠤᠶᠢᠵᠢᠬᠤ ᠶᠢ ᠠᠬᠢᠭᠤᠯᠪᠠᠯ ᠵᠣᠬᠢᠨ᠎ᠠ᠃ ᠬᠡᠯᠡ ᠪᠢᠴᠢᠭ ᠤᠨ ᠵᠢᠭᠠᠨ

ᠰᠣᠷᠭᠠᠯᠳᠠ ᠶᠢᠨ ᠰᠢᠢᠳᠪᠦᠷᠢᠡᠯᠬᠦ ᠴᠢᠬᠤᠯᠠᠳᠠᠢ ᠠᠰᠠᠭᠤᠳᠠᠯ ᠣᠯᠠᠨ ᠪᠠᠶᠢᠨ᠎ᠠ᠂ ᠡᠬᠦᠨ ᠳᠤ ᠬᠡᠯᠡ ᠪᠢᠴᠢᠭ ᠤᠨ ᠬᠡᠪ

ᠪᠣᠯᠪᠠᠰᠣᠷᠠᠯ ᠤᠨ ᠬᠦᠮᠦᠵᠢᠬᠦᠯᠦᠯ ᠮᠠᠰᠢ ᠴᠢᠬᠤᠯᠠ ᠨᠢᠬᠡ ᠳᠠᠯ᠎ᠠ ᠪᠣᠯᠣᠨ᠎ᠠ᠃ ᠬᠡᠯᠡ ᠪᠢᠴᠢᠭ ᠤᠨ ᠬᠡᠪ

ᠪᠣᠯᠪᠠᠰᠣᠷᠠᠯ ᠳᠤ ︽ᠬᠤᠷᠠᠮᠳᠣᠭᠤᠯᠣᠯ᠂ ᠬᠡᠯᠡᠨ ᠤ ᠮᠡᠳᠡᠷᠡᠮᠵᠢ᠂ ᠦᠵᠡᠯ ᠰᠠᠨᠠᠭ᠎ᠠ ᠶᠣᠰᠣ ᠰᠣᠷᠳᠠᠬᠤᠨ᠂ ᠠᠷᠭ᠎ᠠ

ᠠᠪᠴᠠᠯ᠂ ᠵᠠᠩ ᠳᠠᠳᠬᠠᠯ᠂ ᠰᠣᠶᠣᠯ ᠤᠨ ᠦᠨᠦᠷ ᠠᠮᠳᠠ᠂ ᠮᠡᠳᠡᠯᠬᠡ ᠶᠢᠨ ᠣᠷᠮ᠎ᠠ ᠳᠠᠭᠠᠰᠢᠶᠠᠯ᠂ ᠬᠠᠷᠠᠭ᠎ᠠ

ᠵᠣᠭᠰᠣᠴᠠ︾ ᠵᠡᠷᠭᠡ ᠳᠠᠯ᠎ᠠ ᠪᠠᠶᠢᠳᠠᠭ ᠮᠦᠷᠲᠡᠭᠡᠨ ᠡᠳᠡᠭᠡᠷ ᠴᠢᠳᠠᠪᠣᠷᠢ ᠶᠢᠨ ᠬᠦᠮᠦᠵᠢᠯ ᠨᠢ ᠨᠢᠬᠡ ᠯᠡ ᠴᠠᠭ ᠲᠤ

ᠳᠠᠷᠣᠢ ᠪᠦᠷᠢᠯᠳᠦᠴᠢᠬᠡᠳᠡᠭ ᠶᠠᠭᠤᠮ᠎ᠠ ᠪᠢᠰᠢ᠃

      ᠰᠢᠨ᠎ᠡ ᠬᠢᠴᠢᠶᠡᠯ ᠤᠨ ᠪᠠᠷᠢᠮᠵᠢᠶᠡᠨ ᠤ ᠢᠯᠡ ᠳᠣᠳᠣᠷᠬᠠᠢ ᠨᠢᠬᠡ ᠴᠣᠭᠴᠠᠵᠢᠭᠤᠯᠣᠨ ᠲᠦᠰᠦᠪᠯᠡᠬᠦ᠂ ᠪᠦᠬᠦᠯᠢ

ᠴᠣᠭᠴᠠ ᠠᠴᠠ ᠪᠣᠳᠣᠯᠬᠢᠯᠠᠬᠤ᠂ ᠬᠠᠷᠢᠯᠴᠠᠨ ᠵᠣᠯᠭᠠᠭᠤᠯᠬᠤ ᠠᠵᠢᠯᠯᠠᠭ᠎ᠠ ᠨᠢ ᠠᠩᠬ᠎ᠠ ᠣᠳᠠᠭ᠎ᠠ ᠶᠠᠪᠣᠭᠳᠠᠵᠣ ᠪᠠᠶᠢᠭ᠎ᠠ

ᠶᠣᠮ᠃ ᠡᠭᠦᠨ ᠢ ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ ᠳᠤ ᠲᠤᠳᠤᠷᠬᠠᠢ ᠳᠣᠭᠳᠠᠭᠠᠭᠰᠠᠨ ᠪᠠᠶᠢᠳᠠᠭ᠄ ᠬᠡᠯᠡ

ᠪᠢᠴᠢᠭ ᠤᠨ ᠬᠢᠴᠢᠶᠡᠯᠯᠡᠭᠡ ᠨᠢ ᠮᠣᠩᠭᠤᠯ ᠬᠡᠯᠡᠨ ᠣᠳᠬ᠎ᠠ ᠵᠣᠬᠢᠶᠠᠯ ᠤᠨ ᠣᠨᠴᠠᠯᠢᠭ ᠢ ᠪᠣᠳᠣᠯᠬᠢᠯᠠᠵᠣ ᠦᠰᠦᠭ

ᠳᠠᠨᠢᠵᠣ᠂ ᠦᠰᠦᠭ ᠪᠢᠴᠢᠵᠦ᠂ ᠣᠩᠰᠢᠵᠣ᠂ ᠵᠣᠬᠢᠶᠠᠨ ᠪᠢᠴᠢᠵᠦ᠂ ᠭᠡᠯᠡᠨ ᠤ ᠬᠠᠷᠢᠯᠴᠠᠭ᠎ᠠ ᠪᠠ ᠰᠣᠷᠣᠭᠴᠢᠳ ᠤᠨ

ᠰᠡᠳᠬᠢᠬᠦᠢ ᠶᠢᠨ ᠬᠦᠭᠵᠢᠯᠳᠡ ᠶᠢᠨ ᠳᠠᠯ᠎ᠠ ᠳᠠᠬᠢ ᠨᠦᠯᠦᠬᠡ ᠶᠢ ᠪᠣᠳᠣᠯᠬᠢᠯᠠᠵᠣ᠂ ᠵᠢᠭᠠᠨ ᠰᠣᠷᠭᠠᠯᠳᠠ ᠳᠣᠮᠳᠠ ᠪᠠᠨ

ᠬᠡᠯᠡᠨ ᠤ ᠮᠡᠳᠡᠷᠡᠮᠵᠢ ᠪᠠ ᠪᠦᠬᠦᠯᠢ ᠴᠣᠭᠴᠠ ᠠᠴᠠ ᠡᠵᠡᠮᠳᠡᠬᠦ ᠴᠢᠳᠠᠪᠣᠷᠢ ᠶᠢ ᠬᠦᠮᠦᠵᠢᠬᠦᠯᠬᠦ ᠶᠢ ᠣᠨᠴᠠᠭᠠᠶ

ᠴᠢᠬᠤᠯᠠᠴᠢᠯᠠᠨ᠎ᠠ᠃ ᠨᠢᠬᠡ ᠯᠡ ᠦᠬᠡ ᠪᠠᠷ ᠬᠡᠯᠡᠪᠡᠯ᠂ ᠰᠣᠨᠣᠰᠬᠤ᠂ ᠶᠠᠷᠢᠬᠤ᠂ ᠣᠩᠰᠢᠬᠤ᠂ ᠪᠢᠴᠢᠬᠦ ᠴᠢᠳᠠᠪᠣᠷᠢ ᠶᠢ

ᠭᠦᠮᠦᠵᠢᠭᠦᠯᠭᠦ᠂ ᠳᠠᠷᠤᠢ ᠬᠡᠯᠡ ᠪᠢᠴᠢᠭ ᠤᠨ ᠬᠡᠪ ᠪᠣᠯᠪᠠᠰᠣᠷᠠᠯ ᠲᠠᠢ ᠬᠦᠮᠦᠨ ᠢ ᠬᠦᠮᠦᠵᠢᠬᠦᠯᠦᠨ᠎ᠡ᠃ ᠡᠨᠡ ᠨᠢ

ᠬᠦᠮᠦᠵᠢᠬᠦᠯᠬᠦ ᠶᠠᠪᠣᠴᠠ᠂ ᠰᠣᠷᠣᠯᠴᠠᠬᠤ ᠶᠠᠪᠣᠴᠠ ᠶᠢ ᠱᠠᠭᠠᠷᠳᠠᠨ᠎ᠠ᠃ ᠵᠠᠷᠢᠮ ᠬᠦᠮᠦᠨ ᠤ ᠦᠵᠡᠭᠦ ᠪᠠᠷ ᠪᠠᠭ᠎ᠠ

ᠰᠣᠷᠭᠠᠭᠤᠯᠢ ᠶᠢᠨ ᠵᠢᠭᠠᠨ ᠰᠣᠷᠭᠠᠯᠳᠠ ᠶᠢᠨ ᠭᠤᠣᠯᠳᠠᠯᠭ᠎ᠠ ᠨᠢ ︽ᠳᠦᠰᠢᠬᠦ︾᠂ ᠠᠩᠬ᠎ᠠ ᠳᠣᠮᠳᠠᠳᠣ ᠶᠢᠨ ᠵᠢᠭᠠᠨ

ᠰᠤᠷᠭᠠᠯᠳᠠ ᠶᠢᠨ ᠭᠤᠣᠯᠳᠠᠯᠭ᠎ᠠ ᠨᠢ ︽ᠬᠠᠭᠠᠰ ᠳᠦᠰᠢᠬᠦ ᠬᠠᠭᠠᠰ ᠳᠠᠯᠪᠢᠬᠤ︾᠂ ᠳᠡᠭᠡᠳᠦ ᠳᠣᠮᠳᠠᠳᠣ ᠶᠢᠨ ᠵᠢᠭᠠᠨ

ᠰᠤᠷᠭᠠᠯᠳᠠ ᠶᠢᠨ ᠭᠤᠣᠯᠳᠠᠯᠭ᠎ᠠ ᠨᠢ ︽ᠡᠬᠢᠯᠡᠵᠦ ᠳᠠᠯᠪᠢᠬᠤ︾᠂ ᠲᠡᠭᠡᠳᠤ ᠰᠣᠷᠭᠠᠭᠤᠯᠢ ᠶᠢᠨ ᠵᠢᠭᠠᠨ ᠰᠤᠷᠭᠠᠯᠳᠠ ᠶᠢᠨ

ᠭᠤᠣᠯᠳᠠᠯᠭ᠎ᠠ ᠨᠢ ︽ᠪᠦᠬᠦ ᠳᠠᠯ᠎ᠠ ᠪᠠᠷ ᠳᠠᠯᠪᠢᠬᠤ︾ ᠪᠣᠯᠣᠨ᠎ᠠ᠃ ᠡᠬᠦᠨ ᠠᠴᠠ ᠦᠵᠡᠪᠡᠯ᠂ ᠡᠨᠡ ᠭᠦ ᠶᠠᠪᠣᠴᠠ ᠨᠢ

ᠠᠯᠬᠤᠮ ᠠᠯᠬᠤᠮ ᠢᠶᠠᠷ ᠬᠦᠨᠵᠡᠬᠡᠶᠢᠷᠡᠵᠦ᠂ ᠬᠠᠷᠢᠯᠴᠠᠨ ᠬᠤᠯᠪᠣᠭ᠎ᠠ ᠲᠠᠢ ᠪᠣᠯᠣᠨ᠎ᠠ᠃ ᠡᠨᠡ ᠪᠣᠯ ᠳᠠᠷᠣᠢ ᠶᠡᠷᠦ ᠶᠢᠨ

ᠬᠡᠯᠡᠳᠡᠭ ︽ᠵᠣᠯᠭᠠᠯᠳᠠ︾ ᠮᠦᠨ᠃ ᠡᠶᠢᠨ ᠭᠦ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ

ᠵᠦᠷᠢᠶᠡᠨᠳᠦ ᠣᠨᠴᠠᠯᠢᠭ ᠢ ᠣᠶᠢᠯᠠᠭᠠᠵᠤ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠵᠣᠯᠭᠠᠯᠳᠠ ᠶᠢ ᠰᠠᠶᠢᠳᠣᠷ

ᠬᠢᠪᠡᠯ ᠰᠠᠶ᠋ᠢ ︽ᠣᠰᠣᠨ ᠤ ᠳᠣᠰᠣᠯ ᠳᠤ ᠴᠢᠯᠠᠭᠤ ᠴᠣᠭᠤᠷᠠᠬᠤ︾ ᠬᠠᠷᠠᠯᠳᠠ ᠳᠤ ᠪᠠᠨ ᠬᠦᠷᠴᠦ ᠴᠢᠳᠠᠨ᠎ᠠ᠃

      ᠳᠦᠷᠪᠡ᠂ ᠠᠩᠬ᠎ᠠ ᠳᠣᠮᠳᠠᠳᠣ ᠪᠠ ᠳᠡᠭᠡᠳᠦ ᠨᠢᠬᠡ ᠶᠢᠨ ᠬᠡᠯᠡ ᠪᠢᠴᠢᠭ ᠤᠨ ᠰᠣᠷᠣᠯᠴᠠᠯᠭ᠎ᠠ ᠶᠢᠨ ᠣᠳᠣᠬᠢ

ᠪᠠᠶᠢᠳᠠᠯ

      ︵ᠨᠢᠬᠡ︶ ᠠᠩᠬ᠎ᠠ ᠳᠣᠮᠳᠠᠳᠣ ᠶᠢᠨ ᠰᠣᠷᠣᠭᠴᠢᠳ ᠤᠨ ᠬᠡᠯᠡ ᠪᠢᠴᠢᠭ ᠰᠣᠷᠣᠯᠴᠠᠬᠤ ᠪᠠᠶᠢᠳᠠᠯ

      ᠪᠠᠶᠢᠴᠠᠭᠠᠯᠳᠠ ᠶᠢᠨ ᠲᠦᠷᠦᠯ ᠵᠦᠢᠯ ᠪᠤᠯᠤᠨ ᠪᠠᠶᠢᠴᠠᠭᠠᠯᠳᠠ ᠶᠢᠨ ᠦᠷ᠎ᠡ ᠳ᠋ᠦᠩ

      ᠰᠣᠷᠣᠯᠴᠠᠬᠤ ᠣᠷᠮ᠎ᠠ ᠪᠠᠬ᠎ᠠ᠄ ᠨᠡᠯᠢᠶᠡᠳ ᠰᠠᠶᠢᠨ ᠪᠠᠶᠢᠳᠠᠯ 25%᠂ ᠶᠡᠷᠦᠳᠡ ᠶᠢᠨ ᠪᠠᠶᠢᠳᠠᠯ 64%᠂

ᠳᠣᠳᠠᠮᠠᠭ ᠪᠠᠶᠢᠳᠠᠯ 11%

      ᠣᠷᠢᠳᠴᠢᠯᠠᠨ ᠰᠣᠷᠣᠯᠴᠠᠬᠤ ᠳᠠᠳᠬᠠᠯ᠄ ᠪᠠᠶᠢᠩᠭᠤ ᠶᠢᠨ ᠴᠢᠨᠠᠷ ᠲᠠᠢ ᠪᠠᠶᠢᠳᠠᠯ 31%᠂ ᠬᠠᠶᠠ ᠰᠣᠷᠣᠯᠴᠠᠳᠠᠭ

ᠪᠠᠶᠢᠳᠠᠯ 42%᠂ ᠰᠣᠷᠣᠯᠴᠠᠬᠤ ᠦᠭᠡᠢ ᠪᠠᠶᠢᠳᠠᠯ 27%

      ᠠᠰᠠᠭᠤᠯᠳᠠ ᠠᠰᠠᠭᠤᠬᠤ ᠳᠠᠳᠬᠠᠯ᠄ ᠪᠠᠶᠢᠩᠭᠤ ᠶᠢᠨ ᠴᠢᠨᠠᠷ ᠲᠠᠢ ᠪᠠᠶᠢᠳᠠᠯ 5%᠂ ᠬᠠᠶᠠ ᠠᠰᠠᠭᠤᠳᠠᠭ

ᠪᠠᠶᠢᠳᠠᠯ 46%᠂ ᠠᠰᠠᠭᠤᠬᠤ ᠦᠭᠡᠢ ᠪᠠᠶᠢᠳᠠᠯ 27%

      ᠬᠢᠴᠢᠶᠡᠯ ᠤᠨ ᠭᠠᠳᠠᠨᠠᠬᠢ ᠣᠩᠰᠢᠯᠭ᠎ᠠ᠄ ᠪᠠᠶᠢᠩᠭᠤ ᠶᠢᠨ ᠴᠢᠨᠠᠷ ᠲᠠᠢ ᠪᠠᠶᠢᠳᠠᠯ 33%᠂ ᠬᠠᠶᠠ ᠣᠩᠰᠢᠳᠠᠭ

ᠪᠠᠶᠢᠳᠠᠯ 43%᠂ ᠣᠩᠰᠢᠬᠤ ᠦᠭᠡᠢ ᠪᠠᠶᠢᠳᠠᠯ 24%

      ᠯᠠᠪᠯᠠᠯᠳᠠ ᠶᠢᠨ ᠨᠣᠮ᠄ ᠨᠢᠬᠡ ᠳᠡᠪᠳᠡᠷ 36%᠂ ᠬᠤᠶᠠᠷ ᠳᠡᠪᠳᠡᠷ 12%᠂ ᠳᠡᠪᠳᠡᠷ ᠦᠬᠡᠢ 52%

      ᠦᠰᠦᠭ ᠪᠣᠯᠪᠠᠰᠣᠷᠠᠯ ᠤᠨ ᠳᠠᠳᠬᠠᠯ᠄ ᠪᠠᠶᠢᠩᠭᠤ ᠶᠢᠨ ᠴᠢᠨᠠᠷ ᠲᠠᠢ ᠪᠠᠶᠢᠳᠠᠯ 26%᠂ ᠬᠠᠶᠠ ᠪᠣᠯᠪᠠᠰᠣᠷᠠᠳᠠᠭ

ᠪᠠᠶᠢᠳᠠᠯ 32%᠂ ᠪᠣᠯᠪᠠᠰᠣᠷᠠᠬᠤ ᠦᠭᠡᠢ ᠪᠠᠶᠢᠳᠠᠯ 42%

      ᠡᠳᠡᠭᠡᠷ ᠳᠤᠭ᠎ᠠ ᠪᠠᠷᠢᠮᠳᠠ ᠠᠴᠠ ᠮᠡᠳᠡᠵᠦ ᠪᠣᠯᠬᠤ ᠨᠢ᠂ ᠠᠩᠬ᠎ᠠ ᠳᠣᠮᠳᠠᠳᠣ ᠶᠢᠨ ᠪᠠᠭᠰᠢ ᠬᠡᠳᠦ᠋ᠢᠪᠡᠷ

ᠬᠢᠴᠢᠶᠡᠯᠯᠡᠭᠡ ᠳᠡᠭᠡᠷ᠎ᠡ ᠰᠣᠷᠣᠭᠴᠢᠳ ᠤᠨ ᠭᠤᠣᠯ ᠴᠣᠭᠴᠠᠳᠣ ᠪᠠᠶᠢᠷᠢ ᠰᠠᠭᠤᠷᠢ ᠶᠢ ᠰᠠᠨᠠᠭᠠᠴᠢᠯᠠᠭ᠎ᠠ ᠲᠠᠢ ᠪᠠᠷ

ᠳᠣᠪᠤᠶᠢᠯᠭᠠᠵᠣ ᠪᠠᠶᠢᠭ᠎ᠠ ᠪᠣᠯᠪᠠᠴᠣ ᠲᠡᠭᠡᠳᠤ ᠵᠡᠷᠭᠡ ᠶᠢᠨ ᠲᠤᠮᠳᠠᠳᠤ ᠰᠣᠷᠭᠠᠭᠤᠯᠢ ᠳᠡᠪᠰᠢᠬᠦ ᠳᠠᠷᠣᠯᠳᠠ ᠠᠴᠠ ᠪᠣᠯᠵᠣ᠂

ᠵᠢᠭᠠᠬᠤ ᠮᠠᠲ᠋ᠧᠷᠢᠶᠠᠯ ᠤᠨ ᠰᠢᠯᠢᠯᠳᠡ ᠡᠰᠡᠪᠡᠯ ᠬᠢᠴᠢᠶᠡᠯᠯᠡᠭᠡ ᠶᠢᠨ ᠵᠣᠬᠢᠶᠠᠨ ᠪᠠᠶᠢᠭᠤᠯᠣᠯᠳᠠ ᠶᠢᠨ ᠬᠡᠯᠪᠡᠷᠢ ᠶᠢ ᠪᠣᠢ

ᠪᠣᠯᠭᠠᠬᠤ ᠨᠢ ᠡᠴᠦᠰ ᠲᠤ ᠪᠠᠨ ︽ᠪᠠᠭᠰᠢ ᠪᠠᠷ ᠲᠦᠪ ᠪᠣᠯᠭᠠᠬᠤ︾ ᠪᠣᠳᠠᠳᠣ ᠪᠠᠶᠢᠳᠠᠯ ᠳᠤ ᠨᠠᠶᠢᠷ ᠳᠠᠯᠪᠢᠬᠤ ᠪᠣᠯᠣᠨ᠎ᠠ᠃

      ︵ᠬᠤᠶᠠᠷ︶ ᠳᠡᠭᠡᠳᠦ ᠨᠢᠬᠡ ᠶᠢᠨ ᠰᠣᠷᠣᠭᠴᠢᠳ ᠤᠨ ᠬᠡᠯᠡ ᠪᠢᠴᠢᠭ ᠤᠨ ᠰᠣᠷᠣᠯᠴᠠᠯᠭ᠎ᠠ ᠳᠤ ᠣᠷᠣᠰᠢᠵᠣ

ᠪᠠᠶᠢᠭ᠎ᠠ ᠠᠰᠠᠭᠤᠳᠠᠯ

      1. ᠬᠡᠯᠡ ᠪᠢᠴᠢᠭ ᠤᠨ ᠣᠯᠣᠰ ᠤᠨ ᠨᠢᠭᠡᠳᠤᠯᠳᠠᠢ ᠰᠢᠯᠭᠠᠯᠳᠠ ᠳᠠᠬᠢ ᠪᠠᠶᠢᠷᠢ ᠰᠠᠭᠤᠷᠢ ᠪᠠ ᠦᠢᠯᠡᠳᠦᠯ

ᠬᠡᠷᠡᠭᠴᠡᠭᠡᠨ ᠤ ᠳᠣᠬᠠᠢ ᠳᠠᠨᠢᠯᠳᠠ ᠬᠦᠷᠦᠯᠴᠡᠬᠦ ᠦᠬᠡᠢ᠂ ᠬᠡᠯᠡ ᠪᠢᠴᠢᠭ ᠤᠨ ᠬᠤᠷᠠᠮᠳᠣᠭᠤᠯᠣᠯ ᠤᠨ ᠴᠢᠨᠠᠷᠳᠠᠢ

ᠣᠨᠴᠠᠯᠢᠭ ᠤᠨ ᠳᠣᠬᠠᠢ ᠳᠠᠨᠢᠯᠳᠠ ᠬᠦᠷᠦᠯᠴᠡᠬᠦ ᠦᠬᠡᠢ᠂ ᠬᠡᠯᠡ ᠪᠢᠴᠢᠭ ᠲᠤ ᠵᠠᠷᠤᠴᠠᠭᠤᠯᠤᠭᠰᠠᠨ ᠴᠠᠬ ᠨᠡᠯᠢᠶᠡᠳ

ᠪᠠᠭ᠎ᠠ᠂ ᠡᠰᠡᠪᠡᠯ ᠨᠠᠷᠢᠨ ᠨᠢᠮᠪᠠᠢ ᠶᠢᠨ ᠭᠡᠮᠵᠢᠶ᠎ᠠ ᠬᠦᠷᠦᠯᠴᠡᠬᠦ ᠦᠬᠡᠢ᠃

      2. ᠬᠡᠯᠡ ᠪᠢᠴᠢᠭ ᠤᠨ ᠰᠣᠷᠣᠯᠴᠠᠯᠭ᠎ᠠ ᠶᠢᠨ ᠲᠤᠬᠠᠢ ᠰᠠᠶᠢᠨ ᠳᠠᠳᠬᠠᠯ ᠪᠦᠷᠢᠯᠳᠤᠵᠤ ᠲᠠᠶᠢᠯᠦᠭᠡ ᠦᠭᠡᠢ᠂

ᠦᠰᠦᠭ ᠪᠢᠴᠢᠭᠦ ᠨᠢ ᠳᠦᠷᠢᠮᠵᠢᠬᠦᠨ ᠴᠡᠪᠡᠷ ᠳᠡᠭᠰᠢ ᠪᠢᠰᠢ᠂ ᠬᠠᠭᠤᠳᠠᠰᠣᠨ ᠤ ᠳᠣᠬᠠᠢ ᠳᠠᠨᠢᠯᠳᠠ ᠨᠡᠯᠢᠶᠡᠳ ᠠᠨᠠᠢ᠂

ᠬᠢᠷᠢ ᠪᠦᠲᠦᠮᠵᠢ ᠰᠠᠶᠢᠨ ᠰᠣᠷᠣᠭᠴᠢ ᠳᠤ ᠴᠦ ᠡᠶᠢᠮᠦ ᠪᠠᠶᠢᠳᠠᠯ ᠤᠷᠤᠰᠢᠵᠤ ᠪᠠᠶᠢᠳᠠᠭ᠃

      3. ᠬᠢᠴᠢᠶᠡᠯ ᠰᠣᠨᠣᠰᠴᠤ ᠪᠠᠶᠢᠭ᠎ᠠ ᠪᠠᠶᠢᠳᠠᠯ ᠠᠨᠠᠢ᠂ ᠳᠠᠪᠳᠠᠯᠭ᠎ᠠ ᠪᠠᠨ ᠴᠠᠭ ᠳᠣᠬᠠᠢ ᠳᠤ ᠨᠢ ᠬᠢᠬᠦ          

ᠦᠬᠡᠢ᠃ ᠬᠢᠴᠢᠶᠡᠯᠯᠡᠭᠡ ᠳᠤ ᠣᠷᠣᠵᠣ ᠦᠩᠭᠡᠷᠡᠭᠰᠡᠨ ᠵᠠᠷᠢᠮ ᠠᠭᠤᠯᠭ᠎ᠠ᠂ ᠡᠰᠡᠪᠡᠯ ᠪᠣᠯᠪᠠᠰᠣᠷᠠᠵᠣ ᠦᠩᠭᠡᠷᠡᠭᠰᠡᠨ

ᠠᠭᠤᠯᠭ᠎ᠠ᠂ ᠴᠠᠭᠠᠰᠢᠯᠠᠭᠠᠳ ᠳᠠᠬᠢᠨ ᠳᠠᠪᠳᠠᠨ ᠪᠣᠯᠪᠠᠰᠣᠷᠠᠭᠰᠠᠨ ᠠᠭᠤᠯᠭ᠎ᠠ ᠪᠠᠨ ᠪᠠᠰᠠ ᠡᠵᠡᠮᠰᠢᠵᠦ ᠳᠡᠶᠢᠯᠬᠦ ᠦᠬᠡᠢ

ᠪᠠᠶᠢᠭ᠎ᠠ ᠪᠠᠶᠢᠳᠠᠯ ᠲᠠᠢ ᠪᠠᠶᠢᠨ᠎ᠠ᠃

      4. ᠬᠡᠯᠡ ᠪᠢᠴᠢᠭ ᠤᠨ ᠰᠠᠭᠤᠷᠢ ᠮᠡᠳᠡᠯᠬᠡ ᠶᠢᠨ ᠬᠤᠷᠠᠮᠳᠣᠭᠤᠯᠣᠯ ᠬᠦᠷᠦᠯᠴᠡᠬᠦ ᠦᠭᠡᠢ ᠪᠠᠶᠢᠨ᠎ᠠ᠃

      5. ᠣᠩᠰᠢᠨ ᠢᠯᠡᠳᠭᠡᠬᠦ ᠴᠢᠳᠠᠪᠣᠷᠢ ᠶᠢ ᠣᠯᠠᠮ ᠨᠢᠬᠡ ᠠᠯᠬᠤᠮ ᠳᠡᠭᠡᠭᠰᠢᠯᠡᠬᠦᠯᠬᠦ ᠴᠢᠬᠤᠯᠠᠳᠠᠢ᠂ ᠬᠢᠴᠢᠶᠡᠯ ᠤᠨ

ᠭᠠᠳᠠᠨᠠᠬᠢ ᠣᠩᠰᠢᠯᠭ᠎ᠠ ᠶᠢᠨ ᠬᠡᠪᠴᠢᠶ᠎ᠡ ᠦᠷᠭᠡᠨ ᠳᠡᠯᠭᠡᠷ ᠪᠢᠰᠢ᠂ ᠬᠤᠷᠢᠶᠠᠩᠭᠤᠶᠢᠯᠠᠬᠤ᠂ ᠵᠠᠳᠠᠯᠬᠤ᠂ ᠶᠡᠷᠦᠩᠬᠡᠶᠢᠯᠡᠨ

ᠢᠯᠡᠳᠭᠡᠬᠦ ᠴᠢᠳᠠᠪᠣᠷᠢ ᠨᠡᠯᠢᠶᠡᠳ ᠳᠣᠣᠷ᠎ᠠ᠃ ᠡᠷᠳᠡᠨ ᠤ ᠬᠡᠯᠡᠨ ᠤ ᠣᠩᠰᠢᠯᠭ᠎ᠠ ᠶᠢᠨ ᠴᠢᠳᠠᠪᠣᠷᠢ ᠨᠡᠯᠢᠶᠡᠳ ᠠᠨᠠᠢ᠂

ᠡᠷᠳᠡᠨ ᠤ ᠬᠡᠯᠡᠨ  ᠤ ᠣᠩᠰᠢᠯᠭ᠎ᠠ ᠳᠤ ᠠᠶᠣᠨ ᠰᠦᠷᠳᠡᠬᠦ ᠰᠡᠳᠬᠢᠴᠡ ᠶᠢᠨ ᠪᠠᠶᠢᠳᠠᠯ ᠲᠠᠢ᠂ ᠣᠩᠰᠢᠯᠭ᠎ᠠ ᠶᠢᠨ ᠬᠡᠪᠴᠢᠶ᠎ᠡ

ᠢᠪᠴᠣᠣ᠂ ᠵᠦᠪᠬᠡᠨ ᠬᠢᠴᠢᠶᠡᠯ ᠤᠨ ᠪᠢᠴᠢᠭ ᠲᠠᠬᠢ ᠵᠣᠬᠢᠶᠠᠯ ᠢᠶᠠᠨ ᠣᠩᠰᠢᠳᠠᠭ᠃

      6. ᠵᠣᠬᠢᠶᠠᠨ ᠪᠢᠴᠢᠯᠭᠡ ᠶᠢᠨ ᠪᠠᠶᠢᠳᠠᠯ ᠠᠴᠠ ᠦᠵᠡᠪᠡᠯ ᠮᠠᠲ᠋ᠧᠷᠢᠶᠠᠯ ᠢᠶᠠᠨ ᠬᠢᠨᠠᠵᠣ ᠰᠡᠳᠦᠪ ᠳᠣᠭᠳᠠᠭᠠᠬᠤ

ᠴᠢᠳᠠᠪᠣᠷᠢ ᠳᠣᠣᠷ᠎ᠠ᠂ ᠰᠡᠳᠦᠪ ᠠᠴᠠ ᠪᠠᠨ ᠰᠠᠯᠣᠩᠬᠢᠷᠠᠬᠤ ᠦᠵᠡᠭᠳᠡᠯ ᠤᠷᠤᠰᠢᠵᠤ ᠪᠠᠶᠢᠨ᠎ᠠ᠃

      7. ᠵᠠᠷᠢᠮ ᠰᠡᠳᠦᠪ ᠤᠨ ᠬᠡᠯᠪᠡᠷᠢ ᠳᠤ ᠳᠠᠳᠬᠠᠯᠰᠢᠭᠠᠳᠣᠢ᠂ ᠬᠡᠰᠡᠭᠯᠡᠯ ᠢ ᠴᠣᠮᠬᠠᠳᠬᠠᠬᠤ᠂ ᠳᠠᠰᠢᠶ᠎ᠠ ᠦᠰᠦᠭ

ᠡᠷᠢᠵᠦ ᠵᠠᠰᠠᠬᠤ᠂ ᠦᠬᠡᠰ ᠤᠨ ᠰᠠᠩ ᠤᠨ ᠮᠡᠳᠡᠯᠭᠡ ᠶᠢᠨ ᠳᠣᠬᠠᠢ ᠭᠡᠭᠦ ᠮᠠᠳᠤ ᠶᠢᠨ ᠰᠡᠳᠦᠪ ᠤᠨ ᠭᠡᠯᠪᠠᠷᠢ ᠶᠢ

ᠪᠠᠭᠳᠠᠭᠠᠨ᠎ᠠ᠃

      ︵ᠭᠤᠷᠪᠠ︶ ᠪᠠᠭᠰᠢ ᠳᠤ ᠣᠷᠣᠰᠢᠵᠣ ᠪᠠᠶᠢᠭ᠎ᠠ ᠠᠰᠠᠭᠤᠳᠠᠯ

      ᠡᠩ ᠲᠡᠷᠢᠬᠦᠨ ᠳᠤ᠂ ᠵᠠᠷᠢᠮ ᠪᠠᠭᠰᠢ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠵᠣᠯᠭᠠᠯᠳᠠ ᠶᠢᠨ

ᠳᠣᠬᠠᠢ ᠳᠠᠨᠢᠯᠳᠠ ᠬᠦᠢᠴᠡᠳ ᠦᠬᠡᠢ᠂ ᠬᠡᠳᠦᠨ ᠬᠢᠴᠢᠶᠡᠯ ᠢ ᠦᠩᠭᠡᠷᠡᠭᠡᠪᠡᠯ ᠡᠨᠡ ᠬᠤᠪᠢ ᠠᠵᠢᠯ ᠢ ᠪᠡᠶᠡᠯᠡᠬᠦᠯᠴᠢᠬᠡᠨ᠎ᠡ

ᠭᠡᠰᠡᠨ ︽ᠲᠦᠷᠭᠡᠪᠴᠢᠯᠡᠬᠦ︾ ᠪᠣᠳᠣᠯ ᠣᠷᠣᠰᠢᠵᠣ ᠪᠠᠶᠢᠳᠠᠭ︔ ᠵᠠᠷᠢᠮ ᠪᠠᠭᠰᠢ ᠶᠢᠨ ᠠᠩᠬ᠎ᠠ ᠳᠣᠮᠳᠠᠳᠣ ᠶᠢᠨ

ᠬᠢᠴᠢᠶᠡᠯ ᠤᠨ ᠦᠬᠡᠷᠡᠴᠢᠯᠡᠯᠳᠡ ᠶᠢᠨ ᠳᠣᠬᠠᠢ ᠳᠠᠨᠢᠯᠳᠠ ᠪᠣᠷᠣᠭᠤ ᠠᠴᠠ ᠪᠣᠯᠵᠣ ᠰᠢᠯᠳᠠᠬᠤ ᠦᠵᠡᠯ ᠲᠠᠢ᠂ ᠲᠠᠷᠠ ᠪᠤᠯ

ᠲᠡᠭᠡᠳᠤ ᠲᠤᠮᠳᠠᠳᠤ ᠶᠢᠨ ᠤᠴᠢᠷ ᠭᠡᠵᠦ ᠦᠵᠠᠳᠡᠭ︔ ᠪᠠᠰᠠ ᠵᠠᠷᠢᠮ ᠪᠠᠭᠰᠢ ᠮᠡᠳᠡᠯᠭᠡ ᠶᠢᠨ ᠵᠣᠯᠭᠠᠯᠳᠠ ᠶᠢ

ᠴᠢᠬᠤᠯᠠᠴᠢᠯᠠᠵᠣ᠂ ᠰᠣᠷᠬᠤ ᠠᠷᠭ᠎ᠠ ᠶᠢᠨ ᠵᠣᠯᠭᠠᠯᠳᠠ ᠶᠢ ᠬᠦᠩᠬᠡᠪᠴᠢᠯᠡᠬᠦ ᠦᠵᠡᠭᠳᠡᠯ ᠲᠠᠢ᠃ ᠣᠯᠠᠩᠬᠢ ᠪᠠᠭᠰᠢ ᠶᠢᠨ

ᠵᠢᠭᠠᠬᠤ ᠠᠷᠭ᠎ᠠ ᠨᠡᠯᠢᠶᠡᠳ ᠬᠠᠭᠤᠴᠢᠪᠳᠣᠷ᠂ ᠪᠠᠭᠰᠢ ᠶᠡᠷᠢᠬᠤ ᠡᠰᠡᠪᠡᠯ ᠪᠠᠭᠰᠢ ᠠᠰᠠᠭᠤᠯᠳᠠ ᠠᠰᠠᠭᠤᠵᠣ ᠰᠣᠷᠣᠭᠴᠢ

ᠬᠠᠷᠢᠭᠤᠯᠬᠤ ᠦᠵᠡᠭᠳᠡᠯ ᠮᠦᠨ ᠯᠡ ᠨᠡᠯᠢᠶᠡᠳ ᠬᠦᠨᠳᠦ ᠨᠣᠴᠢᠳᠠᠢ᠂ ᠰᠣᠷᠣᠭᠴᠢᠳ ᠤᠨ ᠬᠦᠰᠡᠵᠦ ᠪᠠᠶᠢᠭ᠎ᠠ ᠬᠡᠯᠡ

ᠪᠢᠴᠢᠭ ᠤᠨ ᠬᠢᠴᠢᠶᠡᠯᠯᠡᠭᠡ ᠶᠢᠨ ᠠᠷᠭ᠎ᠠ ᠠᠪᠴᠠᠯ ︵ᠪᠠᠭᠰᠢ ᠵᠢᠯᠣᠭᠤᠳᠴᠣ᠂ ᠰᠣᠷᠣᠭᠴᠢ ᠶᠠᠷᠢᠯᠴᠠᠵᠣ᠂ ᠰᠣᠷᠣᠭᠴᠢ

ᠦᠪᠡᠰᠤᠪᠠᠨ ᠰᠣᠷᠣᠯᠴᠠᠬᠤ ᠪᠠᠷ ᠭᠤᠣᠯᠳᠠᠯᠭ᠎ᠠ ᠪᠣᠯᠭᠠᠬᠤ︶ ᠲᠠᠢ ᠮᠠᠰᠢ ᠶᠡᠭᠡ ᠵᠦᠷᠢᠶ᠎ᠠ ᠣᠷᠣᠰᠢᠵᠣ ᠪᠠᠶᠢᠳᠠᠭ᠃ ᠬᠡᠯᠡ

ᠪᠢᠴᠢᠭ ᠤᠨ ᠪᠠᠭᠰᠢ ᠵᠢᠭᠠᠬᠤ ᠠᠷᠭ᠎ᠠ ᠳᠡᠭᠡᠷ᠎ᠡ ᠪᠠᠨ ᠦᠪᠠᠷ ᠢᠶᠠᠨ ᠵᠢᠭᠠᠬᠤ ᠶᠢ ᠬᠦᠨᠳᠦᠳᠭᠡᠵᠦ ᠰᠤᠷᠤᠭᠴᠢ ᠶᠢᠨ

ᠰᠣᠷᠬᠤ ᠶᠢ ᠬᠦᠩᠭᠡᠪᠴᠢᠯᠡᠬᠦ᠂ ᠵᠢᠭᠠᠬᠤ ᠪᠤᠯᠤᠨ ᠰᠣᠷᠬᠤ ᠬᠦᠨᠳᠡᠶᠢᠷᠡᠬᠦ᠂ ᠪᠣᠰᠣᠳᠴᠢ ᠳᠡᠭᠡᠷ᠎ᠡ ᠪᠠᠨ ᠵᠢᠭᠠᠨ

ᠰᠣᠷᠭᠠᠯᠳᠠ ᠶᠢᠨ ᠵᠣᠯᠭᠠᠯᠳᠠ ᠶᠢᠨ ᠠᠰᠠᠭᠤᠳᠠᠯ ᠤᠨ ᠣᠷᠣᠭᠰᠢᠳᠠᠢ ᠰᠢᠢᠳᠪᠦᠷᠢᠯᠡᠭᠳᠡᠬᠦ ᠶᠢ ᠬᠠᠷᠰᠢᠯᠠᠳᠠᠭ᠃

      ᠳᠠᠷᠠᠭ᠎ᠠ ᠳᠤ ᠨᠢ᠂ ᠰᠣᠷᠣᠭᠴᠢᠳ ᠤᠨ ᠬᠡᠯᠡ ᠪᠢᠴᠢᠭ ᠤᠨ ᠰᠢᠯᠭᠠᠬᠤ ᠬᠤᠪᠢ ᠶᠡᠷᠦ ᠳᠤ ᠪᠠᠨ ᠨᠡᠯᠢᠶᠡᠳ

ᠳᠣᠭᠳᠠᠪᠣᠷᠢᠳᠠᠢ ᠪᠠᠶᠢᠳᠠᠭ᠂ ᠪᠣᠰᠣᠳ ᠬᠢᠴᠢᠶᠡᠯ ᠲᠦᠷᠦᠯ ᠰᠢᠭ ᠰᠣᠯᠠᠯᠠᠪᠠᠯ ᠳᠣᠷᠣᠭᠰᠢᠯᠠᠵᠣ᠂ ᠴᠢᠩᠭᠠᠯᠠᠪᠠᠯ ᠰᠠᠶ᠋ᠢ

ᠳᠠᠭᠠᠵᠣ ᠳᠡᠶᠢᠯᠬᠦ ᠪᠢᠰᠢ᠂ ᠡᠶᠢᠮᠦ ᠠᠴᠠ ᠰᠣᠷᠣᠭᠴᠢᠳ ᠤᠨ ᠣᠯᠠᠩᠬᠢ ᠨᠢ ᠰᠣᠷᠬᠤ ᠪᠠ ᠰᠣᠷᠬᠤ ᠦᠭᠡᠢ ᠨᠢ ᠳᠡᠶᠢᠮᠦ

ᠶᠡᠭᠡ ᠬᠠᠷᠢᠴᠠᠭ᠎ᠠ ᠪᠠᠶᠢᠬᠤ ᠦᠭᠡᠢ ᠭᠡᠵᠦ ᠦᠵᠡᠳᠡᠭ ᠪᠤᠯᠬᠤᠷ ᠬᠠᠰᠢ ᠶᠠᠰᠢ ᠠᠷᠭᠠᠯᠠᠬᠤ ᠭᠡᠵᠦ ᠣᠷᠣᠯᠳᠣᠳᠠᠭ ᠨᠢ

ᠢᠯᠡᠬᠦᠦ᠂ ᠨᠠᠷᠢᠨ ᠬᠢᠨᠠᠮᠠᠭᠠᠢ ᠰᠣᠷᠣᠯᠴᠠᠳᠠᠭ ᠨᠢ ᠴᠦᠭᠡᠨ᠃ ᠣᠨᠴᠠᠭᠠᠢ ᠵᠠᠷᠢᠮ ᠰᠣᠷᠣᠭᠴᠢ ᠬᠡᠯᠡ ᠪᠢᠴᠢᠭ ᠲᠤ

ᠠᠭᠠᠵᠢᠮ ᠢᠶᠠᠷ ᠢᠳᠡᠭᠡᠯ ᠠᠯᠳᠠᠵᠣ᠂ ᠬᠦᠴᠦ ᠪᠠᠨ ᠪᠣᠰᠣᠳ ᠬᠢᠴᠢᠶᠡᠯ ᠲᠦᠷᠦᠯ ᠦᠬᠡᠳᠡ ᠲᠦᠪᠯᠠᠷᠠᠭᠦᠯᠳᠡᠭ᠃

      ᠰᠣᠷᠣᠭᠴᠢᠳ ᠳᠡᠭᠡᠳᠦ ᠳᠣᠮᠳᠠᠳᠣ ᠳᠤ ᠣᠷᠣᠭᠰᠠᠨ ᠤ ᠳᠠᠷᠠᠭ᠎ᠠ᠂ ᠪᠢᠳᠡ ᠰᠣᠷᠣᠭᠴᠢ ᠪᠠ ᠪᠠᠭᠰᠢ ᠶᠢᠨ ᠳᠣᠰ

ᠪᠡᠶ᠎ᠡ ᠶᠢᠨ ᠪᠠᠭᠤᠷᠠᠢ ᠳᠠᠯ᠎ᠠ ᠳᠤ ᠴᠢᠭᠯᠡᠬᠦᠯᠦᠨ᠂ ᠵᠣᠯᠭᠠᠯᠳᠠ ᠶᠢᠨ ᠣᠬᠠᠮᠰᠠᠷ ᠢᠶᠠᠨ ᠴᠢᠩᠭᠠᠳᠬᠠᠵᠣ᠂ ᠦᠷ᠎ᠡ

ᠪᠦᠲᠦᠮᠵᠢᠲᠠᠢ ᠠᠷᠭ᠎ᠠ ᠠᠪᠴᠠᠯ ᠢ ᠬᠡᠷᠡᠭᠯᠡᠵᠦ᠂ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ

ᠵᠢᠭᠠᠨ ᠰᠣᠷᠭᠠᠯᠳᠠ ᠶᠢᠨ ᠵᠣᠯᠭᠠᠯᠳᠠ ᠶᠢᠨ ᠠᠵᠢᠯ ᠢ ᠴᠢᠩᠭ᠎ᠠ ᠠᠳᠬᠤᠵᠣ᠂ ᠰᠣᠷᠣᠭᠴᠢᠳ ᠤᠨ ᠬᠡᠯᠡ ᠪᠢᠴᠢᠭ

ᠰᠣᠷᠣᠯᠴᠠᠬᠤ ᠤᠷᠮ᠎ᠠ ᠪᠠᠬ᠎ᠠ ᠶᠢ ᠲᠠᠶᠢᠴᠢᠯᠠᠵᠤ᠂ ᠰᠣᠷᠣᠭᠴᠢᠳ ᠤᠨ ᠬᠡᠯᠡ ᠪᠢᠴᠢᠭ ᠰᠣᠷᠬᠤ ᠬᠦᠴᠢᠷᠳᠡᠯᠭᠡ ᠶᠢ

ᠰᠢᠢᠳᠪᠦᠷᠢᠯᠡᠬᠦ ᠳᠠᠯ᠎ᠠ ᠪᠠᠷ ᠵᠢᠭᠠᠨ ᠵᠢᠯᠣᠭᠤᠳᠴᠣ᠂ ᠬᠡᠯᠡ ᠪᠢᠴᠢᠭ ᠤᠨ ᠶᠡᠷᠦᠩᠭᠡᠢ ᠴᠢᠳᠠᠪᠣᠷᠢ ᠶᠢ          

ᠲᠡᠭᠡᠭᠰᠢᠯᠠᠭᠦᠯᠦᠨ᠎ᠠ᠃

      ᠳᠠᠪᠤ᠂ ᠵᠣᠯᠭᠠᠯᠳᠠ ᠶᠢᠨ ᠠᠷᠭ᠎ᠠ ᠬᠡᠮᠵᠢᠶᠡᠨ ᠤ ᠳᠣᠬᠠᠢ ᠪᠣᠳᠣᠯᠬᠢᠯᠠᠯ

      ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠵᠣᠯᠭᠠᠯᠳᠠ ᠨᠢ

ᠰᠣᠷᠭᠠᠨ ᠬᠦᠮᠦᠵᠢᠯ ᠤᠨ ᠬᠤᠶᠠᠷ ᠵᠠᠷᠴᠢᠮ ᠢᠶᠠᠷ ᠦᠨᠳᠦᠰᠦᠯᠡᠯ ᠪᠣᠯᠭᠠᠳᠠᠭ᠄ ᠨᠢᠬᠡ ᠨᠢ ᠠᠭᠠᠵᠢᠮ ᠣᠷᠣᠭᠰᠢᠯᠠᠬᠤ

ᠵᠠᠷᠴᠢᠮ᠂ ᠳᠠᠷᠣᠢ ᠵᠢᠭᠠᠨ ᠰᠣᠷᠭᠠᠯᠳᠠ ᠨᠢ ᠬᠢᠴᠢᠶᠡᠯ ᠲᠦᠷᠦᠯ ᠤᠨ ᠯᠣᠬᠢᠭ ᠰᠢᠰᠲ᠋ᠧᠮ ᠪᠠ ᠰᠣᠷᠣᠭᠴᠢ ᠶᠢᠨ

ᠳᠠᠨᠢᠯᠳᠠ ᠶᠢᠨ ᠬᠦᠭᠵᠢᠯᠳᠡ ᠶᠢᠨ ᠳᠠᠷᠠᠭᠠᠯᠠᠯ ᠢᠶᠠᠷ ᠣᠷᠣᠭᠰᠢᠯᠠᠨ᠎ᠠ᠂ ᠰᠣᠷᠣᠭᠴᠢᠳ ᠢ ᠰᠠᠭᠤᠷᠢ ᠮᠡᠳᠡᠯᠭᠡ᠂

ᠦᠨᠳᠦᠰᠦᠨ ᠴᠢᠳᠠᠪᠣᠷᠢ᠂ ᠨᠢᠭᠳᠠ ᠴᠢᠬᠢᠮᠡᠢ ᠯᠣᠬᠢᠭ ᠰᠡᠳᠬᠢᠬᠦᠢ ᠶᠢᠨ ᠴᠢᠳᠠᠪᠣᠷᠢ ᠶᠢ ᠪᠦᠷᠢᠯᠳᠦᠬᠦᠯᠬᠦ ᠶᠢ

ᠰᠢᠰᠲ᠋ᠧᠮ ᠲᠠᠢ ᠵᠢᠯᠤᠭᠤᠳᠤᠨ᠎ᠠ᠃ ᠬᠤᠶᠠᠷ ᠨᠢ᠂ ᠬᠦᠯᠢᠶᠡᠨ ᠠᠪᠴᠣ ᠴᠢᠳᠠᠬᠤ ᠵᠠᠷᠴᠢᠮ᠂ ᠳᠠᠷᠣᠢ ᠵᠢᠭᠠᠨ ᠰᠣᠷᠭᠠᠬᠤ

ᠠᠭᠤᠯᠭ᠎ᠠ᠂ ᠠᠷᠭ᠎ᠠ᠂ ᠬᠦᠨᠳᠦᠴᠡ ᠪᠠ ᠠᠬᠢᠴᠠ ᠨᠢ ᠰᠣᠷᠣᠭᠴᠢᠳ ᠤᠨ ᠪᠡᠶ᠎ᠡ ᠰᠡᠳᠬᠢᠴᠡ ᠶᠢᠨ ᠬᠦᠭᠵᠢᠯᠳᠡ ᠲᠠᠢ

ᠵᠣᠬᠢᠴᠠᠬᠤ ᠬᠡᠷᠡᠭᠳᠡᠢ᠂ ᠳᠡᠳᠡᠨ ᠤ ᠬᠦᠯᠢᠶᠡᠨ ᠠᠪᠴᠣ ᠳᠡᠶᠢᠯᠬᠦ᠂ ᠭᠡᠳᠡᠯ᠎ᠡ ᠪᠠᠰᠠ ᠵᠣᠬᠢᠬᠤ ᠬᠡᠮᠵᠢᠶᠡᠨ ᠤ

ᠬᠦᠴᠢᠷᠳᠡᠯᠭᠡ ᠪᠠᠶᠢᠬᠤ ᠬᠡᠷᠡᠭᠳᠡᠢ᠂ ᠳᠡᠳᠡᠨ ᠤ ᠴᠢᠷᠮᠠᠶᠢᠯᠭ᠎ᠠ ᠪᠠᠷ ᠳᠠᠮᠵᠢᠨ ᠰᠠᠶ᠋ᠢ ᠡᠵᠡᠮᠰᠢᠵᠦ ᠳᠡᠶᠢᠯᠬᠦ ᠶᠢ ᠱᠠᠭᠠᠷᠳᠠᠨ᠎ᠠ᠂

ᠡ᠊ᠨᠡ ᠨᠢ ᠰᠣᠷᠣᠭᠴᠢᠳ ᠤᠨ ᠪᠡᠶ᠎ᠡ ᠰᠡᠳᠬᠢᠴᠡ ᠶᠢᠨ ᠲᠡᠩᠴᠡᠭᠦᠷᠢᠳᠤ ᠬᠦᠭᠵᠢᠯᠳᠡ ᠶᠢ ᠠᠬᠢᠭᠤᠯᠣᠨ᠎ᠠ᠃

      ︵ᠨᠢᠬᠡ︶ ᠪᠠᠭᠰᠢ ᠣᠨᠣᠯ ᠤᠨ ᠰᠣᠷᠣᠯᠴᠠᠯᠭ᠎ᠠ ᠪᠠᠨ ᠴᠢᠩᠭᠠᠳᠬᠠᠵᠣ᠂ ᠵᠢᠭᠠᠨ ᠰᠣᠷᠭᠠᠬᠤ

ᠣᠨᠣᠯᠵᠢᠬᠤᠨ ᠢᠶᠠᠨ ᠰᠢᠨᠡᠴᠢᠯᠡᠬᠦ ᠶᠢ ᠴᠢᠬᠤᠯᠠᠴᠢᠯᠠᠨ᠎ᠠ᠃

      ᠪᠠᠭᠰᠢ ᠪᠣᠯ ᠬᠢᠴᠢᠶᠡᠯᠯᠡᠭᠡ ᠶᠢᠨ ᠵᠣᠬᠢᠶᠠᠨ ᠪᠠᠶᠢᠭᠤᠯᠣᠭᠴᠢ ᠪᠠ ᠣᠳᠣᠷᠢᠳᠣᠭᠴᠢ ᠪᠣᠯᠣᠨ᠎ᠠ᠂ ᠬᠡᠯᠡ ᠪᠢᠴᠢᠭ ᠤᠨ

ᠪᠠᠭᠰᠢ ᠶᠢᠨ ᠵᠢᠭᠠᠨ ᠰᠣᠷᠭᠠᠯᠳᠠ ᠶᠢᠨ ᠦᠵᠡᠯᠳᠡ ᠰᠣᠷᠣᠭᠴᠢᠳ ᠲᠤ ᠮᠠᠰᠢ ᠶᠡᠭᠡ ᠨᠦᠯᠦᠬᠡ ᠦᠵᠡᠬᠦᠯᠳᠡᠭ᠂ ᠡᠬᠦᠨ ᠳᠤ

ᠵᠣᠯᠭᠠᠯᠳᠠ ᠶᠢᠨ ᠳᠠᠨᠢᠯᠳᠠ ᠶᠢᠨ ᠭᠦᠨ ᠭᠦᠢᠭᠡᠨ ᠨᠢ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ

ᠰᠣᠷᠭᠠᠯᠳᠠ ᠶᠢ ᠣᠷᠣᠭᠰᠢᠳᠠᠢ ᠪᠡᠶᠡᠯᠡᠬᠦᠯᠬᠦ ᠲᠠᠢ ᠰᠢᠭᠤᠳ ᠬᠤᠯᠪᠣᠭᠳᠠᠵᠣ ᠪᠠᠶᠢᠳᠠᠭ᠃ ᠪᠠᠭᠰᠢ ᠶᠢᠨ ᠬᠤᠪᠢ

ᠬᠦᠮᠦᠨ ᠳᠤ ᠠᠪᠴᠣ ᠬᠡᠯᠡᠪᠡᠯ ᠣᠬᠠᠮᠰᠠᠷ ᠠᠴᠠ ᠪᠠᠨ ᠵᠣᠯᠭᠠᠯᠳᠠ ᠶᠢᠨ ᠳᠠᠨᠢᠯᠳᠠ ᠪᠠᠨ ᠲᠡᠭᠡᠭᠰᠢᠯᠠᠭᠦᠯᠦᠨ᠎ᠠ᠂

ᠵᠣᠯᠭᠠᠯᠳᠠ ᠶᠢᠨ ᠭᠤᠷᠪᠠᠨ ᠡᠯᠧᠮᠧᠨ᠋ᠲ᠂ ᠵᠢᠭᠠᠬᠤ ᠮᠠᠲ᠋ᠧᠷᠢᠶᠠᠯ᠂ ᠬᠢᠴᠢᠶᠡᠯ ᠤᠨ ᠪᠠᠷᠢᠮᠵᠢᠶ᠎ᠠ᠂ ᠰᠣᠷᠣᠭᠴᠢ ᠪᠠ

ᠪᠠᠭᠰᠢ ᠶᠢᠨ ᠳᠣᠰ ᠪᠡᠶ᠎ᠡ ᠪᠠᠨ ᠰᠠᠶᠢᠳᠤᠷ ᠵᠠᠳᠠᠯᠤᠨ᠎ᠠ᠃ ᠪᠠᠰᠠ ᠵᠣᠯᠭᠠᠯᠳᠠ ᠶᠢᠨ ᠰᠢᠨᠵᠢᠯᠡᠬᠦ ᠣᠬᠠᠭᠠᠨᠴᠢ ᠴᠢᠨᠠᠷ᠂

ᠰᠡᠷᠡᠭᠳᠡᠯᠳᠦ ᠴᠢᠨᠠᠷ ᠢ ᠣᠶᠣᠨᠯᠢᠭ ᠴᠢᠨᠠᠷ ᠪᠣᠯᠭᠠᠬᠤ ᠶᠢ ᠬᠦᠨᠳᠦᠳᠭᠡᠨ᠎ᠡ᠃

      ︵ᠬᠤᠶᠠᠷ︶ ᠠᠩᠬ᠎ᠠ ᠳᠣᠮᠳᠠᠳᠣ ᠶᠢᠨ ᠮᠡᠳᠡᠯᠬᠡ ᠶᠢᠨ ︽ᠳᠠᠯᠳᠠ ᠪᠠᠶᠢᠷᠢ︾ ᠶᠢ ᠪᠠᠶᠢᠴᠠᠭᠠᠵᠣ᠂ ᠳᠡᠭᠡᠳᠦ

ᠳᠣᠮᠳᠠᠳᠣ ᠪᠠ ᠠᠩᠬ᠎ᠠ ᠳᠣᠮᠳᠠᠳᠣ ᠶᠢᠨ ᠮᠡᠳᠡᠯᠬᠡ ᠶᠢᠨ ᠵᠣᠯᠭᠠᠯᠳᠠ ᠶᠢᠨ ᠬᠠᠨᠳᠣᠯᠭᠠᠳᠣ ᠴᠢᠨᠠᠷ ᠢ ᠴᠢᠬᠤᠯᠠᠴᠢᠯᠠᠨ᠎ᠠ᠃

      ᠰᠢᠨ᠎ᠡ ᠰᠣᠷᠣᠭᠴᠢ ᠰᠣᠷᠭᠠᠭᠤᠯᠢ ᠳᠤ ᠢᠷᠡᠮᠡᠭᠴᠡ ᠨᠢᠬᠡ ᠣᠳᠠᠭᠠᠨ ᠤ ᠪᠠᠶᠢᠳᠠᠯ ᠢ ᠣᠶᠢᠯᠠᠭᠠᠬᠤ ᠰᠢᠯᠭᠠᠯᠳᠠ

ᠬᠢᠵᠦ᠂ ᠮᠡᠳᠡᠯᠬᠡ ᠶᠢᠨ ︽ᠳᠡᠯᠳᠠ ᠪᠠᠶᠢᠷᠢ︾ ᠶᠢ ᠪᠠᠶᠢᠴᠠᠭᠠᠨ᠎ᠠ᠃ ︽ᠳᠠᠯᠳᠠ ᠪᠠᠶᠢᠷᠢ︾ ᠨᠢ ᠠᠩᠬ᠎ᠠ ᠳᠣᠮᠳᠠᠳᠣ ᠳᠤ

ᠱᠠᠭᠠᠷᠳᠠᠯᠭ᠎ᠠ ᠳᠣᠣᠷ᠎ᠠ ᠪᠣᠶᠣ ᠱᠠᠭᠠᠷᠳᠠᠵᠣ ᠪᠠᠶᠢᠭᠰᠠᠨ ᠦᠭᠡᠢ᠂ ᠬᠡᠳᠡᠯ᠎ᠡ ᠳᠡᠭᠡᠳᠦ ᠳᠣᠮᠳᠠᠳᠤ ᠳᠤ ᠱᠠᠭᠠᠷᠳᠠᠬᠤ ᠪᠣᠶᠣ

ᠱᠠᠭᠠᠷᠳᠠᠯᠭ᠎ᠠ ᠨᠡᠯᠢᠶᠡᠳ ᠦᠨᠳᠦᠷ ᠮᠡᠳᠡᠯᠭᠡ ᠪᠠ ᠠᠷᠭ᠎ᠠ ᠠᠪᠴᠠᠯ ᠢ ᠵᠢᠭᠠᠨ᠎ᠠ᠃ ᠢᠡᠭᠬᠢᠵᠤ ᠬᠢᠭᠦ ᠨᠢ ᠪᠠᠶᠢᠳᠠᠯ  ᠢ

ᠲᠤᠳᠤᠷᠬᠠᠢ ᠤᠢᠢᠯᠠᠭᠠᠬᠤ ᠳᠤ ᠲᠤᠰᠠ ᠲᠠᠢ᠂ ᠬᠢᠴᠢᠶᠡᠯᠯᠡᠭᠴᠢ ᠪᠠᠭᠰᠢ ᠠᠴᠠ ᠰᠣᠷᠣᠭᠴᠢᠳ ᠤᠨ ᠬᠡᠯᠡ ᠪᠢᠴᠢᠭ ᠤᠨ

ᠮᠡᠳᠡᠯᠭᠡ ᠶᠢᠨ ᠡᠵᠡᠮᠰᠢᠭᠰᠡᠨ ᠬᠢᠷᠢ ᠲᠦᠪᠰᠢᠨ ᠢ ᠣᠶᠢᠯᠠᠭᠠᠵᠣ᠂ ᠠᠳᠠᠯᠢ ᠪᠣᠰᠣ ᠳᠠᠪᠬᠤᠷᠭ᠎ᠠ ᠳᠠᠬᠢ ᠰᠣᠷᠣᠭᠴᠢᠳ ᠤᠨ

ᠮᠡᠳᠡᠯᠭᠡ ᠶᠢᠨ ᠰᠠᠭᠤᠷᠢ ᠶᠢ ᠣᠶᠢᠯᠠᠭᠠᠵᠣ᠂ ᠮᠡᠳᠡᠯᠬᠡ ᠶᠢᠨ ᠵᠣᠯᠭᠠᠯᠳᠠ ᠶᠢ ᠬᠠᠨᠳᠣᠯᠭᠠᠳᠣ ᠴᠢᠨᠠᠷ ᠲᠠᠢ ᠪᠣᠯᠭᠠᠨ᠎ᠠ᠃

      ︵ᠭᠤᠷᠪᠠ︶ ᠰᠡᠳᠬᠢᠬᠦᠢ ᠶᠢᠨ ᠴᠢᠳᠠᠪᠣᠷᠢ ᠶᠢᠨ ᠵᠣᠯᠭᠠᠯᠳᠠ ᠶᠢ ᠴᠢᠬᠤᠯᠠᠴᠢᠯᠠᠨ᠎ᠠ᠃

      ᠠᠩᠬ᠎ᠠ ᠳᠣᠮᠳᠠᠳᠣ ᠶᠢᠨ ᠰᠣᠷᠣᠭᠴᠢᠳ ᠤᠨ ᠨᠠᠰᠣᠨ ᠤ ᠣᠨᠴᠠᠯᠢᠭ ᠢ ᠦᠨᠳᠦᠰᠦᠯᠡᠨ᠂ ᠰᠣᠷᠣᠭᠴᠢᠳ ᠤᠨ

ᠮᠡᠳᠡᠯᠬᠡ ᠶᠢᠨ ᠡᠵᠡᠮᠰᠢᠯ ᠢ ᠨᠡᠮᠡᠭᠳᠠᠭᠦᠯᠭᠦ ᠪᠠ ᠵᠣᠬᠢᠬᠤ ᠬᠡᠮᠵᠢᠶᠡᠨ ᠤ ᠣᠶᠢᠯᠠᠭᠠᠬᠤ ᠴᠢᠳᠠᠪᠣᠷᠢ ᠶᠢ ᠬᠦᠮᠦᠵᠢᠬᠦᠯᠦᠨ᠎ᠡ᠃

ᠭᠡᠳᠡᠯ᠎ᠡ ᠳᠡᠭᠡᠳᠦ ᠳᠣᠮᠳᠠᠳᠣ ᠶᠢᠨ ᠬᠡᠯᠡ ᠪᠢᠴᠢᠭ ᠪᠣᠯ ᠡᠨᠡ ᠰᠠᠭᠤᠷᠢᠨ ᠳᠡᠭᠡᠷ᠎ᠡ ᠰᠣᠷᠣᠭᠴᠢᠳ ᠤᠨ ᠠᠰᠠᠭᠤᠳᠠᠯ ᠢ

ᠵᠠᠳᠠᠯᠬᠤ ᠪᠠ ᠠᠰᠠᠭᠤᠳᠠᠯ ᠢ ᠰᠢᠢᠳᠪᠦᠷᠢᠯᠡᠬᠦ ᠴᠢᠳᠠᠪᠣᠷᠢ ᠶᠢ ᠬᠦᠮᠦᠵᠢᠬᠦᠯᠳᠡᠭ᠃ ᠰᠣᠷᠣᠭᠴᠢᠳ ᠤᠨ ᠬᠡᠯᠡ

ᠪᠢᠴᠢᠭ ᠤᠨ ᠬᠡᠪ ᠴᠢᠨᠠᠷ ᠢ ᠪᠦᠬᠦ ᠳᠠᠯ᠎ᠠ ᠪᠠᠷ ᠳᠡᠭᠡᠭᠰᠢᠯᠡᠬᠦᠯᠦᠨ᠎ᠡ᠃ ᠡᠭᠦᠨ ᠳᠤ ᠪᠤᠳᠠᠳᠠᠢ ᠦᠢᠯᠠᠳᠤᠯᠭᠡ ᠭᠢᠭᠦ ᠳᠤ ᠪᠠᠨ

ᠬᠡᠯᠡ ᠪᠢᠴᠢᠭ ᠤᠨ ᠴᠢᠳᠠᠪᠣᠷᠢ ᠶᠢᠨ ᠳᠠᠪᠣᠨ ᠳᠠᠪᠬᠤᠷᠭ᠎ᠠ ᠶᠢᠨ ᠬᠦᠮᠦᠵᠢᠯ ᠳᠤ ᠣᠶᠢᠷᠠᠳᠣᠭᠤᠯᠣᠨ᠎ᠠ᠄ ᠳᠠᠨᠢᠨ

ᠴᠡᠭᠡᠵᠢᠯᠡᠬᠦ᠂ ᠤᠢᠢᠯᠠᠭᠠᠬᠤ᠂ ᠵᠠᠳᠠᠯᠬᠤ ᠬᠡᠷᠡᠭᠯᠡᠬᠦ᠂ ᠰᠣᠨᠢᠷᠬᠠᠨ ᠦᠨᠡᠯᠡᠬᠦ᠂ ᠦᠨᠡᠯᠡᠨ ᠵᠠᠳᠠᠯᠬᠤ᠃ ᠡᠨᠡ ᠨᠢ ᠳᠡᠭᠡᠳᠦ

ᠳᠣᠮᠳᠠᠳᠣ ᠶᠢᠨ ᠰᠣᠷᠣᠭᠴᠢᠳ ᠤᠨ ᠨᠠᠰᠣᠨ ᠤ ᠣᠨᠴᠠᠯᠢᠭ ᠲᠤ ᠳᠣᠬᠢᠷᠠᠬᠤ ᠮᠦᠷᠲᠡᠭᠡᠨ ᠳᠠᠨᠢᠨ ᠮᠡᠳᠡᠬᠦᠢ ᠶᠢᠨ ᠵᠢᠮ᠎ᠠ

ᠶᠣᠰᠣᠨ ᠳᠤ ᠨᠡᠶᠢᠴᠡᠨ᠎ᠡ᠂ ᠡᠶᠢᠮᠦ ᠠᠴᠠ ᠮᠡᠳᠡᠯᠬᠡ ᠶᠢ ᠳᠠᠨᠢᠨ ᠴᠡᠭᠡᠵᠢᠯᠡᠬᠦ᠂ ᠣᠶᠢᠯᠠᠭᠠᠬᠤ ᠠᠴᠠ ᠵᠠᠳᠠᠯᠵᠣ

ᠬᠤᠷᠢᠶᠠᠩᠭᠤᠶᠢᠯᠠᠬᠤ ᠪᠠ ᠬᠡᠷᠡᠭᠯᠡᠭᠦ᠂ ᠡᠨᠡ ᠭᠦ ᠰᠡᠳᠬᠢᠬᠦᠢ ᠶᠢᠨ ᠴᠢᠳᠠᠪᠣᠷᠢ ᠶᠢ ᠬᠦᠮᠦᠵᠢᠬᠦᠯᠬᠦ ᠪᠣᠯ ᠠᠩᠬ᠎ᠠ ᠳᠣᠮᠳᠠᠳᠣ

ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠵᠣᠯᠭᠠᠯᠳᠠ ᠶᠢᠨ ᠪᠠᠰᠠ ᠨᠢᠬᠡᠨ ᠵᠠᠩᠬᠢᠯᠠᠭ᠎ᠠ

ᠪᠣᠯᠣᠨ᠎ᠠ᠃

      ︵ᠳᠦᠷᠪᠡ︶ ᠰᠡᠳᠬᠢᠴᠡ ᠶᠢᠨ ᠵᠢᠯᠣᠭᠤᠳᠣᠯᠭ᠎ᠠ ᠶᠢᠨ ᠵᠣᠯᠭᠠᠯᠳᠠ ᠶᠢ ᠴᠢᠬᠤᠯᠠᠴᠢᠯᠠᠨ᠎ᠠ᠃

      ᠠᠩᠬ᠎ᠠ ᠳᠣᠮᠳᠠᠳᠣ ᠠᠴᠠ ᠳᠡᠭᠡᠳᠦ ᠳᠣᠮᠳᠠᠳᠣ ᠳᠤ ᠲᠠᠪᠰᠢᠭᠰᠠᠨ ᠰᠣᠷᠣᠭᠴᠢᠳ ᠠᠳᠠᠯᠢ ᠪᠣᠰᠣ

ᠰᠣᠷᠭᠠᠭᠤᠯᠢ ᠠᠴᠠ ᠢᠷᠡᠭᠰᠡᠨ ᠪᠠᠶᠢᠵᠤ ᠪᠤᠯᠤᠨ᠎ᠠ᠃ ᠲᠠᠳᠠ ᠠᠳᠠᠯᠢ ᠪᠣᠰᠣ ᠠᠩᠬᠢ᠂ ᠠᠳᠠᠯᠢ ᠪᠣᠰᠣ ᠪᠠᠭᠰᠢ ᠶᠢᠨ

ᠵᠢᠭᠠᠨ ᠰᠣᠷᠭᠠᠯᠳᠠ ᠲᠤᠤᠷ᠎ᠠ ᠭᠦᠮᠦᠵᠢᠭᠳᠡᠭᠰᠡᠨ ᠪᠤᠯᠬᠤᠷ ᠰᠣᠷᠣᠯᠴᠠᠬᠤ ᠪᠠᠶᠢᠳᠠᠯ ᠵᠡᠷᠭᠡ ᠨᠢ ᠪᠦᠷ ᠠᠳᠠᠯᠢ ᠦᠬᠡᠢ

ᠶᠣᠮ᠃ ᠡᠶᠢᠮᠦ ᠠᠴᠠ ᠠᠯᠬᠤᠮ ᠠᠯᠬᠤᠮ  ᠢᠶᠠᠷ ᠵᠣᠬᠢᠴᠠᠬᠤ ᠶᠠᠪᠣᠴᠠ ᠶᠢ ᠱᠠᠭᠠᠷᠳᠠᠨ᠎ᠠ᠂ ᠪᠠᠭᠰᠢ ᠰᠣᠷᠣᠭᠴᠢᠳ ᠤᠨ

ᠪᠣᠳᠠᠳᠠᠢ ᠪᠠᠶᠢᠳᠠᠯ ᠠᠴᠠ ᠡᠭᠦᠰᠴᠦ᠂ ᠵᠢᠭᠠᠨ ᠰᠣᠷᠭᠠᠯᠳᠠ ᠶᠢᠨ ᠬᠠᠷᠠᠯᠳᠠ᠂ ᠠᠭᠤᠯᠭ᠎ᠠ᠂ ᠠᠷᠭ᠎ᠠ ᠳᠡᠭᠡᠷ᠎ᠡ ᠪᠠᠨ

ᠵᠣᠯᠭᠠᠯᠳᠠ ᠶᠢᠨ ᠠᠷᠭ᠎ᠠ ᠠᠪᠬᠤ ᠪᠠᠷ ᠪᠠᠷᠠᠬᠤ ᠦᠭᠡᠢ᠂ ᠪᠠᠰᠠ ᠰᠡᠳᠬᠢᠴᠡ᠂ ᠵᠣᠷᠢᠯᠳᠠ᠂ ᠵᠠᠩ ᠴᠢᠨᠠᠷ ᠤᠨ ᠬᠦᠮᠦᠵᠢᠯ

ᠳᠡᠭᠡᠷ᠎ᠡ ᠳᠡᠭᠡᠳᠦ ᠳᠣᠮᠳᠠᠳᠣ ᠶᠢᠨ ᠰᠣᠷᠣᠭᠴᠢᠳ ᠤᠨ ᠣᠨᠴᠠᠯᠢᠭ ᠢᠶᠠᠷ ᠵᠢᠯᠣᠭᠤᠳᠣᠮᠵᠢ ᠪᠣᠯᠭᠠᠵᠣ᠂ ᠰᠣᠷᠣᠭᠴᠢᠳ ᠤᠨ

ᠬᠡᠯᠡ ᠪᠢᠴᠢᠭ ᠰᠣᠷᠣᠯᠴᠠᠬᠤ ᠳᠣᠷ᠎ᠠ ᠰᠣᠨᠢᠷᠬᠠᠯ ᠢ ᠢᠳᠡᠪᠬᠢᠳᠡᠢ ᠬᠦᠮᠦᠵᠢᠬᠦᠯᠦᠨ᠎ᠡ᠃ ᠰᠣᠷᠣᠭᠴᠢᠳ ᠤᠨ ᠬᠡᠯᠡ ᠪᠢᠴᠢᠭ

ᠰᠣᠷᠣᠯᠴᠠᠬᠤ ᠣᠷᠮ᠎ᠠ ᠵᠣᠷᠢᠭ ᠢ ᠲᠠᠶᠢᠴᠢᠯᠠᠵᠤ᠂ ᠡᠶ᠎ᠡ ᠨᠠᠶᠢᠷᠠᠮᠳᠠᠭᠤ ᠰᠣᠷᠣᠯᠴᠠᠬᠤ ᠣᠷᠴᠢᠨ ᠢ ᠪᠣᠢ ᠪᠣᠯᠭᠠᠵᠣ᠂

ᠰᠣᠷᠣᠭᠴᠢᠳ ᠲᠤ ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠨᠦᠬᠦᠴᠡᠯ ᠢ ᠡᠬᠦᠳᠦᠨ

ᠪᠦᠲᠦᠭᠡᠵᠦ ᠦᠭᠬᠦᠨ᠎ᠡ᠃

      ︵ᠳᠠᠪᠤ︶ ᠵᠢᠭᠠᠬᠤ ᠠᠷᠭ᠎ᠠ ᠶᠢᠨ ᠵᠣᠯᠭᠠᠯᠳᠠ ᠶᠢ ᠴᠢᠬᠤᠯᠠᠴᠢᠯᠠᠨ᠎ᠠ᠃

      ᠠᠩᠬ᠎ᠠ ᠳᠣᠮᠳᠠᠳᠣ ᠶᠢᠨ ᠱᠠᠳᠣᠨ ᠳᠤ ᠪᠠᠭᠰᠢ ᠠᠴᠠ ᠮᠡᠳᠡᠯᠬᠡ ᠶᠢ ᠵᠣᠬᠢᠴᠠᠭᠤᠯᠵᠣ᠂ ᠭᠤᠣᠯᠳᠠᠯᠭ᠎ᠠ ᠶᠢ

ᠳᠣᠳᠣᠷᠬᠠᠢ ᠳᠠᠶᠢᠯᠪᠣᠷᠢᠯᠠᠨ᠎ᠠ᠃ ᠠᠩᠬ᠎ᠠ ᠲᠤᠮᠳᠠᠳᠤ ᠶᠢᠨ ᠬᠢᠴᠢᠶᠡᠯ ᠤᠨ ᠪᠢᠴᠢᠭ ᠲᠤ ᠬᠢ ᠵᠣᠬᠢᠶᠠᠯ ᠤᠨ ᠠᠭᠤᠯᠭ᠎ᠠ ᠨᠢ

ᠣᠬᠤᠷ ᠮᠦᠷᠲᠡᠭᠡᠨ ᠬᠦᠢᠬᠡᠨ ᠠᠴᠠ ᠪᠣᠯᠵᠣ᠂ ᠣᠩᠰᠢᠵᠣ ᠳᠠᠶᠢᠯᠪᠣᠷᠢᠯᠠᠬᠤ᠂ ᠠᠰᠠᠭᠤᠵᠣ ᠬᠠᠷᠢᠭᠤᠯᠬᠤ ᠬᠡᠯᠪᠡᠷᠢ ᠶᠢᠨ

ᠠᠷᠭ᠎ᠠ ᠶᠢ ᠬᠡᠷᠡᠭᠯᠡᠨ᠎ᠡ᠃ ᠳᠡᠭᠡᠳᠦ ᠳᠣᠮᠳᠠᠳᠣ ᠶᠢᠨ ᠱᠠᠳᠣᠨ ᠳᠤ ᠰᠣᠷᠣᠭᠴᠢᠳ ᠦᠩᠭᠡᠷᠡᠭᠰᠡᠨ ᠤ ᠡᠵᠡᠮᠰᠢᠭᠰᠡᠨ

ᠰᠠᠭᠤᠷᠢ ᠮᠡᠳᠡᠯᠬᠡ ᠪᠠᠨ ᠠᠰᠢᠭᠯᠠᠨ ᠵᠣᠬᠢᠶᠠᠯ ᠢ ᠬᠦᠨᠵᠡᠬᠡᠢ᠂ ᠨᠠᠷᠢᠯᠢᠬ ᠣᠩᠰᠢᠨ ᠵᠠᠳᠠᠯᠬᠤ ᠳᠡᠭᠡᠷ᠎ᠡ ᠭᠦᠴᠦ ᠲᠠᠯᠪᠢᠨ᠎ᠠ᠂

ᠳᠡᠭᠡᠳᠦ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠳᠤ ᠵᠠᠳᠠᠯᠣᠯᠳᠠ᠂ ᠶᠠᠷᠢᠯᠴᠠᠭ᠎ᠠ᠂ ᠰᠡᠩᠬᠡᠷᠡᠬᠦᠯᠦᠯ ᠤᠨ

ᠠᠷᠭ᠎ᠠ ᠶᠢ ᠢᠯᠡᠬᠦᠬᠡᠨ ᠭᠡᠷᠡᠭᠯᠡᠵᠦ᠂ ᠰᠣᠷᠣᠭᠴᠢ ᠪᠠᠷ ᠭᠤᠣᠯ ᠴᠣᠭᠴᠠ ᠪᠣᠯᠭᠠᠵᠣ᠂ ᠰᠣᠷᠣᠭᠴᠢᠳ ᠤᠨ ᠡᠬᠦᠳᠦᠨ

ᠪᠦᠲᠦᠭᠡᠬᠦ ᠴᠢᠳᠠᠪᠤᠷᠢ ᠪᠠ ᠦᠢᠯᠡᠳᠦᠯᠬᠡ ᠶᠢᠨ ᠴᠢᠳᠠᠪᠣᠷᠢ ᠶᠢ ᠲᠡᠭᠡᠭᠰᠢᠯᠠᠭᠦᠯᠵᠤ᠂ ᠡᠯ᠎ᠡ ᠬᠢᠴᠢᠶᠡᠯ ᠲᠦᠷᠦᠯ ᠤᠨ

ᠠᠭᠤᠰᠣᠯᠴᠠᠯ ᠰᠣᠯᠪᠢᠴᠠᠯ ᠢ ᠠᠩᠬᠠᠷᠴᠣ᠂ ᠰᠣᠷᠣᠭᠴᠢᠳ ᠤᠨ ᠰᠡᠳᠬᠢᠬᠦᠢ ᠶᠢᠨ ᠪᠣᠯᠪᠠᠰᠣᠷᠠᠯ ᠪᠠ ᠴᠢᠳᠠᠪᠣᠷᠢ ᠶᠢᠨ

ᠳᠡᠭᠡᠭᠰᠢᠯᠡᠯᠳᠡ ᠶᠢ ᠴᠠᠭ ᠢᠮᠠᠭᠳᠠ ᠠᠩᠬᠠᠷᠴᠣ᠂ ᠲᠠᠳᠠᠨ ᠢ ᠬᠡᠯᠡ ᠪᠢᠴᠢᠭ ᠤᠨ ᠰᠣᠷᠣᠯᠴᠠᠯᠭ᠎ᠠ ᠳᠣᠮᠳᠠ ᠪᠠᠶᠠᠰᠬᠠᠵᠣ᠂

ᠳᠡᠭᠡᠭᠰᠢᠯᠡᠯᠳᠡ ᠲᠠᠢ ᠪᠣᠯᠭᠠᠨ᠎ᠠ᠃

      ︵ᠵᠢᠷᠭᠤᠭ᠎ᠠ︶ ᠰᠣᠷᠬᠤ ᠠᠷᠭ᠎ᠠ ᠶᠢᠨ ᠵᠣᠯᠭᠠᠯᠳᠠ ᠶᠢ ᠴᠢᠬᠤᠯᠠᠴᠢᠯᠠᠨ᠎ᠠ᠃

      ᠠᠩᠬ᠎ᠠ ᠳᠣᠮᠳᠠᠳᠣ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠳᠤ ᠡᠩ ᠲᠡᠷᠢᠬᠦᠨ ᠳᠤ ᠳᠣᠰ ᠬᠢᠴᠢᠶᠡᠯ

ᠲᠦᠷᠦᠯ ᠤᠨ ᠮᠡᠳᠡᠯᠭᠡ ᠪᠠᠨ ᠪᠠᠳᠣ ᠪᠠᠬᠢ ᠵᠢᠭᠠᠨ᠎ᠠ᠂ ᠰᠣᠷᠣᠭᠴᠢᠳ ᠲᠤ ᠪᠦᠬᠦᠯᠢ ᠴᠣᠭᠴᠠ ᠠᠴᠠ ᠬᠡᠯᠡ ᠪᠢᠴᠢᠭ ᠤᠨ

ᠮᠡᠳᠡᠯᠭᠡ ᠶᠢᠨ ᠰᠢᠰᠲ᠋ᠧᠮ ᠢ ᠡᠵᠡᠮᠰᠢᠬᠦᠯᠦᠨ᠎ᠡ᠂ ᠰᠣᠷᠣᠭᠴᠢᠳ ᠤᠨ ᠬᠢᠴᠢᠶᠡᠯ ᠲᠦᠷᠦᠯ ᠤᠨ ᠴᠢᠳᠠᠪᠣᠷᠢ ᠶᠢ

ᠬᠦᠮᠦᠵᠢᠬᠦᠯᠦᠨ᠎ᠡ᠂ ᠡᠶᠢᠮᠦ ᠠᠴᠠ ᠬᠢᠴᠢᠶᠡᠯ ᠤᠨ ᠪᠢᠴᠢᠭ ᠲᠤ ᠰᠠᠭᠤᠷᠢᠯᠠᠨ᠎ᠠ᠃ ᠳᠡᠭᠡᠪᠡᠯ ᠰᠣᠷᠣᠭᠴᠢᠳ

ᠬᠢᠴᠢᠶᠡᠯ ᠢᠶᠠᠨ ᠰᠠᠶᠢᠳᠣᠷ ᠰᠣᠨᠣᠰᠴᠣ ᠳᠡᠮᠳᠡᠭᠯᠡᠯ ᠢᠶᠠᠨ ᠨᠠᠷᠢᠨ ᠬᠢᠨᠠᠮᠠᠭᠠᠢ ᠬᠢᠵᠦ᠂ ᠬᠢᠴᠢᠶᠡᠯ ᠤᠨ ᠳᠠᠷᠠᠭ᠎ᠠ ᠨᠠᠷᠢᠨ

ᠬᠢᠨᠠᠮᠠᠭᠠᠢ ᠳᠠᠪᠳᠠᠬᠤ ᠪᠠ ᠬᠢᠴᠢᠶᠡᠯ ᠤᠨ ᠳᠠᠷᠠᠭᠠᠬᠢ ᠳᠠᠰᠬᠠᠯ ᠢ ᠬᠢᠵᠦ᠂ ᠡᠩ ᠤᠨ ᠴᠠᠭ ᠤᠨ ᠰᠢᠯᠭᠠᠯᠳᠠ

ᠪᠠᠶᠢᠴᠭᠠᠯᠳᠠ ᠶᠢ ᠦᠨᠳᠦᠰᠦᠨ ᠳᠤ ᠪᠠᠨ ᠠᠰᠠᠭᠤᠳᠠᠯ ᠦᠭᠡᠢ ᠪᠠᠶᠠᠯᠠᠭᠦᠯᠦᠨ᠎ᠠ᠃ ᠭᠡᠳᠡᠯ᠎ᠡ ᠳᠡᠭᠡᠳᠦ ᠳᠣᠮᠳᠠᠳᠣ ᠶᠢᠨ

ᠱᠠᠳᠣᠨ ᠤ ᠬᠠᠮᠤᠭ ᠤᠨ ᠡᠴᠦᠰ ᠤᠨ ᠬᠠᠷᠠᠯᠳᠠ ᠪᠣᠯ ᠣᠯᠣᠰ ᠤᠨ ᠨᠢᠭᠡᠳᠤᠯᠳᠠᠢ ᠰᠢᠯᠭᠠᠯᠳᠠ ᠳᠤ ᠤᠷᠤᠯᠴᠠᠬᠤ

ᠶᠠᠪᠤᠳᠠᠯ ᠪᠣᠯᠣᠨ᠎ᠠ᠂ ᠳᠡᠭᠡᠳᠦ ᠨᠢᠬᠡ ᠠᠴᠠ ᠡᠬᠢᠯᠡᠨ ᠠᠯᠬᠤᠮ ᠠᠯᠬᠤᠮ ᠢᠶᠠᠷ ᠣᠯᠣᠰ ᠤᠨ ᠨᠢᠭᠡᠳᠤᠯᠳᠠᠢ

ᠰᠢᠯᠭᠠᠯᠳᠠ ᠶᠢᠨ ᠳᠦᠰᠦᠭᠡᠳᠦᠭᠦᠯᠦᠭᠰᠡᠨ ᠰᠢᠯᠭᠠᠯᠳᠠ ᠶᠢᠨ ᠰᠡᠳᠦᠪ ᠢ ᠬᠢᠪᠡᠯ ᠵᠣᠬᠢᠨ᠎ᠠ᠂ ᠫᠷᠦᠭᠷᠠᠮ ᠪᠠ

ᠰᠢᠯᠭᠠᠯᠳᠠ ᠶᠢᠨ ᠳᠣᠳᠣᠷᠬᠠᠶᠢᠯᠠᠯᠳᠠ ᠶᠢᠨ ᠱᠠᠭᠠᠷᠳᠠᠯᠭ᠎ᠠ ᠶᠢᠨ ᠬᠦᠷᠢᠶ᠎ᠡ ᠬᠡᠪᠴᠢᠶ᠎ᠡ ᠳᠠᠬᠢ ᠰᠡᠳᠦᠪ ᠢ ᠴᠦᠮ

ᠪᠤᠯᠪᠠᠰᠤᠷᠠᠵᠤ ᠪᠣᠯᠣᠨ᠎ᠠ᠃ ᠡᠭᠦᠨ ᠢᠶᠠᠷ ᠲᠠᠮᠵᠢᠭᠤᠯᠤᠨ ᠬᠡᠯᠡ ᠪᠢᠴᠢᠭ ᠤᠨ ᠴᠢᠳᠠᠪᠣᠷᠢ ᠪᠠᠨ ᠣᠯᠠᠮ ᠨᠢᠬᠡ ᠠᠯᠬᠤᠮ

ᠳᠡᠭᠡᠭᠰᠢᠯᠡᠬᠦᠯᠤᠨ᠎ᠠ᠃

      ᠬᠡᠯᠡ ᠪᠢᠴᠢᠭ ᠤᠨ ᠪᠠᠭᠰᠢ ᠰᠣᠷᠣᠭᠴᠢᠳ ᠲᠤ ᠰᠣᠷᠬᠤ ᠠᠷᠭ᠎ᠠ ᠶᠢᠨ ᠵᠢᠯᠣᠭᠤᠳᠤᠯᠭ᠎ᠠ ᠬᠢᠭᠦ ᠶᠢ ᠠᠩᠬᠠᠷᠬᠤ

ᠬᠡᠷᠡᠭᠳᠡᠢ᠂ ᠬᠡᠷᠬᠢᠨ ᠣᠷᠢᠳᠴᠢᠯᠠᠨ ᠰᠣᠷᠣᠯᠴᠠᠬᠤ᠂ ᠶᠠᠭᠠᠬᠢᠵᠣ ᠨᠣᠮ ᠣᠩᠰᠢᠬᠤ᠂ ᠳᠡᠮᠳᠡᠭᠯᠡᠯ ᠬᠢᠬᠦ᠂ ᠠᠰᠠᠭᠤᠳᠠᠯ ᠢ

ᠪᠣᠳᠣᠯᠬᠢᠯᠠᠬᠤ᠂ ᠰᠠᠶᠢᠨ ᠰᠠᠶᠢᠬᠠᠨ ᠰᠣᠷᠣᠯᠴᠠᠬᠤ ᠳᠠᠳᠬᠠᠯ ᠢ ᠪᠦᠷᠢᠯᠳᠤᠭᠦᠯᠭᠦ᠂ ᠦᠪᠡᠰᠤᠪᠠᠨ ᠰᠣᠷᠣᠯᠴᠠᠬᠤ

ᠴᠢᠳᠠᠪᠣᠷᠢ ᠶᠢ ᠬᠦᠮᠦᠵᠢᠬᠦᠯᠭᠦ ᠵᠡᠷᠭᠡ ᠶᠢ ᠠᠩᠬᠠᠷᠤᠨ᠎ᠠ᠃

      ᠡ᠊ᠨᠳᠡ ︽ᠳᠦᠷᠪᠡᠨ ᠢᠯᠡᠬᠦᠦ︾ ᠪᠠᠷ ᠰᠣᠷᠣᠯᠴᠠᠬᠤ ᠠᠷᠭ᠎ᠠ ᠶᠢ ᠬᠤᠷᠢᠶᠠᠩᠭᠤᠶᠢᠯᠠᠵᠣ ᠪᠣᠯᠣᠨ᠎ᠠ᠃ ︽ᠢᠯᠡᠬᠦᠦ

ᠣᠩᠰᠢᠨ᠎ᠠ︾᠃ ᠣᠷᠠᠨ ᠳᠣᠳᠣ ᠣᠩᠰᠢᠬᠤ᠂ ᠳᠠᠭᠤ ᠦᠭᠡᠢ ᠣᠩᠰᠢᠬᠤ᠂ ᠨᠠᠷᠢᠨ ᠣᠩᠰᠢᠬᠤ ᠵᠡᠷᠭᠡ ᠪᠠᠶᠢᠳᠠᠭ᠃ ᠠᠩᠬ᠎ᠠ

ᠳᠣᠮᠳᠠᠳᠣ ᠶᠢᠨ ᠱᠠᠳᠣᠨ ᠳᠤ ︽ᠶᠡᠭᠡ ᠲᠦᠯᠦᠪ ᠣᠶᠢᠯᠠᠭᠠᠯᠳᠠ ᠶᠢᠨ ᠰᠠᠭᠤᠷᠢᠨ ᠳᠡᠭᠡᠷ᠎ᠡ ᠪᠣᠯᠪᠠᠰᠣᠷᠠᠩᠭᠤᠢ ᠣᠩᠰᠢᠵᠣ

ᠴᠡᠭᠡᠵᠢᠯᠡᠬᠦ ᠬᠡᠮᠵᠢᠶᠡᠨ ᠳᠤ ᠬᠦᠷᠬᠦ︾ ᠶᠢ ᠱᠠᠭᠠᠷᠳᠠᠭᠰᠠᠨ ᠪᠤᠯ᠂ ᠳᠡᠭᠡᠳᠦ ᠳᠣᠮᠳᠠᠳᠣ ᠶᠢᠨ ᠱᠠᠳᠣᠨ ᠳᠤ

︽ᠪᠣᠯᠪᠠᠰᠣᠷᠠᠩᠭᠤᠢ ᠣᠩᠰᠢᠵᠣ ᠴᠡᠭᠡᠵᠢᠯᠡᠬᠦ ᠬᠡᠮᠵᠢᠶᠡᠨ ᠳᠤ ᠬᠦᠷᠦᠭᠰᠡᠨ ᠤ ᠳᠠᠷᠠᠭ᠎ᠠ ᠪᠣᠳᠠᠳᠠᠢ              

ᠣᠶᠢᠯᠠᠭᠠᠬᠤ︾ ᠪᠣᠯᠣᠨ᠎ᠠ᠃ ᠠᠩᠬ᠎ᠠ ᠳᠣᠮᠳᠠᠳᠣ ᠳᠤ ᠰᠤᠷᠤᠭᠴᠢᠳ ᠤᠨ ᠬᠤᠭᠤᠷᠤᠨᠳᠤ ᠪᠠᠨ ᠬᠠᠮᠵᠢᠯᠴᠠᠬᠤ ᠶᠢ

ᠴᠢᠬᠤᠯᠠᠴᠢᠯᠠᠨ᠎ᠠ᠂ ᠳᠡᠭᠡᠳᠦ ᠳᠣᠮᠳᠠᠳᠣ ᠳᠤ ᠪᠡᠶ᠎ᠠ ᠪᠠᠨ ᠲᠠᠭᠠᠭᠠᠵᠤ ᠣᠩᠰᠢᠬᠤ ᠴᠢᠳᠠᠪᠣᠷᠢ ᠶᠢ          

ᠬᠦᠮᠦᠵᠢᠬᠦᠯᠦᠨ᠎ᠡ᠃ ᠡᠶᠢᠮᠦ ᠠᠴᠠ ᠵᠢᠭᠠᠬᠤ ᠮᠠᠲ᠋ᠧᠷᠢᠶᠠᠯ ᠳᠠᠬᠢ ᠵᠣᠬᠢᠶᠠᠯ ᠢ ᠪᠣᠯᠪᠠᠰᠣᠷᠠᠩᠭᠤᠢ ᠣᠩᠰᠢᠵᠣ ᠴᠡᠭᠡᠵᠢᠯᠡᠭᠰᠡᠨ

ᠰᠠᠭᠤᠷᠢᠨ ᠳᠡᠭᠡᠷ᠎ᠡ᠂ ᠣᠶᠢᠯᠠᠭᠠᠬᠤ ᠶᠢ ᠨᠡᠩ ᠴᠢᠬᠤᠯᠠᠴᠢᠯᠠᠨ᠎ᠠ᠃ ︽ᠢᠯᠡᠬᠦᠦ ᠪᠢᠴᠢᠨ᠎ᠠ︾᠃ ᠡᠳᠦᠷ ᠤᠨ ᠳᠡᠮᠳᠡᠭᠯᠡᠯ᠂

ᠭᠠᠷᠠᠭ ᠤᠨ ᠳᠡᠮᠳᠡᠭᠯᠡᠯ᠂ ᠲᠦᠷᠦᠭᠳᠡᠯ᠂ ᠤᠬᠤᠷ ᠵᠣᠬᠢᠶᠠᠯ᠂ ᠲᠠᠮᠳᠡᠭᠯᠡᠨ ᠲᠤᠭᠠᠴᠢᠭᠰᠠᠨ ᠵᠤᠬᠢᠶᠠᠯ᠂ ᠰᠢᠭᠦᠮᠵᠢᠯᠡᠨ

ᠦᠭᠦᠯᠡᠭᠰᠡᠨ ᠵᠣᠬᠢᠶᠠᠯ ᠵᠡᠷᠭᠡ ᠶᠢ ᠢᠯᠠᠭᠦᠦ ᠪᠢᠴᠢᠨ᠎ᠠ᠃ ᠵᠣᠬᠢᠶᠠᠯ ᠢ ᠵᠦᠪᠬᠡᠨ ᠪᠢᠴᠢᠵᠦ ᠭᠠᠷᠭᠠᠵᠣ ᠪᠠᠶᠢᠭ᠎ᠠ ᠪᠢᠰᠢ᠂

ᠨᠡᠩ ᠴᠢᠬᠤᠯᠠ ᠨᠢ ᠵᠠᠰᠠᠵᠣ ᠭᠠᠷᠭᠠᠵᠣ ᠪᠠᠶᠢᠭ᠎ᠠ ᠶᠣᠮ᠂ ᠰᠣᠷᠣᠭᠴᠢᠳ ᠲᠤ ᠵᠣᠬᠢᠶᠠᠯ ᠵᠠᠰᠠᠬᠤ ᠠᠷᠭ᠎ᠠ ᠶᠢ ᠵᠢᠭᠠᠨ

ᠦᠭᠴᠦ᠂ ᠬᠠᠷᠢᠯᠴᠠᠨ ᠦᠨᠡᠯᠡᠵᠦ ᠵᠠᠰᠠᠬᠤ᠂ ᠦᠪᠠᠷ ᠤᠨ ᠵᠤᠬᠢᠶᠠᠯ ᠢᠶᠠᠨ ᠦᠪᠠᠷ ᠢᠶᠠᠨ ᠵᠠᠰᠠᠬᠤ ᠵᠠᠷᠭᠡ ᠪᠠᠷ ︽ᠢᠯᠡᠬᠦᠦ

ᠰᠣᠨᠣᠰᠤᠨ᠎ᠠ︾᠃ ᠵᠦᠪᠬᠡᠨ ᠪᠠᠭᠰᠢ ᠶᠢᠨ ᠶᠠᠷᠢᠬᠤ ᠶᠢ ᠰᠣᠨᠣᠰᠬᠤ ᠪᠢᠰᠢ᠂ ᠪᠠᠭᠰᠢ ᠶᠢᠨ ᠳᠦᠷᠢᠮᠵᠢ ᠣᠩᠰᠢᠯᠭ᠎ᠠ  ᠶᠢ

ᠰᠣᠨᠣᠰᠬᠤ᠂ ᠵᠣᠬᠢᠶᠠᠯ ᠤᠨ ᠣᠷᠠᠨ ᠳᠣᠳᠣ ᠣᠩᠰᠢᠯᠭ᠎ᠠ ᠶᠢᠨ ᠰᠢᠩᠭᠡᠭᠡᠯᠳᠡ ᠶᠢ ᠰᠣᠨᠣᠰᠬᠤ᠂ ᠷᠡᠳᠢᠣ᠋ ᠨᠡᠪᠳᠡᠷᠡᠬᠦᠯᠬᠡ

ᠰᠣᠨᠣᠰᠬᠤ ᠵᠡᠷᠭᠡ ᠪᠠᠷ ᠢᠯᠠᠭᠦᠦ ᠰᠤᠨᠤᠰᠤᠨ᠎ᠠ᠃ ᠰᠣᠷᠣᠭᠴᠢᠳ ᠢ ᠳᠡᠮᠳᠡᠭᠯᠡᠯ ᠬᠢᠬᠦ ᠶᠢᠨ ᠵᠡᠷᠭᠡ ᠪᠠᠷ ᠢᠳᠡᠪᠬᠢᠳᠡᠢ

ᠰᠡᠳᠬᠢᠬᠦ ᠳᠤ ᠭᠦᠳᠤᠯᠤᠨ᠎ᠠ᠃ ᠰᠣᠷᠣᠯᠴᠠᠬᠤ ᠦᠩᠭᠡᠷᠡᠭᠡᠯᠳᠡ ᠶᠢ ᠴᠢᠬᠤᠯᠠᠴᠢᠯᠠᠬᠤ᠂ ᠬᠦᠳᠡᠯᠦᠩᠬᠦᠢ ᠰᠣᠷᠣᠯᠴᠠᠯᠭ᠎ᠠ  ᠶᠢ

ᠬᠦᠨᠳᠦᠳᠭᠡᠬᠦ᠂ ᠴᠢᠳᠠᠪᠣᠷᠢ ᠪᠠᠨ ᠳᠡᠭᠡᠭᠰᠢᠯᠡᠬᠦᠯᠬᠦ ᠶᠢ ᠴᠢᠬᠤᠯᠠᠴᠢᠯᠠᠨ᠎ᠠ᠃ ︽ᠢᠯᠡᠬᠦᠦ ᠪᠣᠯᠪᠠᠰᠣᠷᠠᠨ᠎ᠠ︾᠃ ᠳᠡᠭᠡᠳᠦ

ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠨᠢ ᠰᠣᠷᠣᠭᠴᠢᠳ ᠢ ᠶᠡᠭᠡ ᠬᠡᠮᠵᠢᠶᠡᠨ ᠤ ᠪᠣᠯᠪᠠᠰᠣᠷᠠᠯ ᠤᠨ

ᠰᠠᠭᠤᠷᠢᠨ ᠳᠡᠭᠡᠷ᠎ᠡ ᠵᠢᠮ᠎ᠡ ᠶᠣᠰᠣᠴᠢ ᠴᠢᠨᠠᠷᠳᠠᠢ ᠳ᠋ᠦᠩᠨᠡᠯᠳᠡ ᠬᠢᠬᠦ ᠶᠢ ᠴᠢᠬᠤᠯᠠᠴᠢᠯᠠᠳᠠᠭ᠃ ᠵᠠᠷᠢᠮ ᠰᠣᠷᠣᠭᠴᠢ᠂ ᠬᠢᠵᠦ

ᠦᠩᠭᠡᠷᠡᠭᠰᠡᠨ ᠰᠡᠳᠦᠪ᠂ ᠣᠩᠰᠢᠵᠣ ᠦᠩᠭᠡᠷᠡᠭᠰᠡᠨ ᠵᠣᠬᠢᠶᠠᠯ ᠨᠢ ᠰᠢᠯᠭᠠᠯᠳᠠ ᠳᠡᠭᠡᠷ᠎ᠡ ᠲᠠᠬᠢᠵᠤ ᠭᠠᠷᠬᠤ ᠳᠤ ᠮᠦᠨ ᠯᠡ

ᠬᠢᠵᠦ ᠴᠢᠳᠠᠬᠤ ᠦᠭᠡᠢ ᠪᠣᠯᠳᠠᠭ᠂ ᠵᠠᠷᠢᠮ ᠰᠣᠷᠣᠭᠴᠢ ᠦᠵᠡᠭᠰᠡᠨ ᠰᠡᠳᠦᠪ ᠢᠶᠠᠨ ᠯᠡ ᠬᠢᠵᠦ ᠴᠢᠳᠠᠨ᠎ᠠ᠂ ᠪᠣᠰᠣᠳ

ᠰᠡᠳᠦᠪ ᠢ ᠰᠣᠯᠢᠪᠠᠯ ᠴᠢᠳᠠᠬᠤ ᠦᠭᠡᠢ ᠪᠣᠯᠴᠢᠬᠠᠨ᠎ᠠ᠃ ᠡᠨᠡ ᠨᠢ ᠳᠡᠳᠡᠨ ᠤ ᠵᠢᠮ᠎ᠡ ᠶᠣᠰᠣ ᠶᠢ ᠬᠤᠷᠢᠶᠠᠩᠭᠤᠶᠢᠯᠠᠵᠣ

ᠴᠢᠳᠠᠬᠤ ᠦᠭᠡᠢ ᠠᠴᠠ ᠪᠣᠯᠣᠭᠰᠠᠨ ᠶᠣᠮ᠂ ᠨᠢᠬᠡ ᠶᠢ ᠬᠡᠯᠡᠪᠡᠯ ᠭᠤᠷᠪᠠ ᠶᠢ ᠮᠡᠳᠡᠬᠦ ᠴᠢᠳᠠᠪᠣᠷᠢ ᠶᠢ ᠪᠦᠷᠢᠯᠳᠦᠬᠦᠯᠵᠦ

ᠴᠢᠳᠠᠭᠠᠳᠣᠢ ᠠᠴᠠ ᠪᠣᠯᠣᠭᠰᠠᠨ ᠶᠣᠮ᠃ ᠬᠡᠯᠡ ᠪᠢᠴᠢᠭ ᠤᠨ ᠪᠣᠯᠪᠠᠰᠣᠷᠠᠯ ᠳᠣᠮᠳᠠ ᠶᠠᠮᠠᠷ ᠨᠢᠬᠡᠨ ᠮᠡᠳᠡᠯᠬᠡ ᠶᠢᠨ

ᠴᠡᠭ ᠤᠨ ᠬᠡᠷᠡᠭᠯᠡᠬᠡᠨ ᠤ ᠵᠢᠮ᠎ᠡ ᠶᠣᠰᠣ ᠶᠢ ᠡᠷᠢᠵᠦ ᠣᠯᠪᠠᠯ ᠰᠠᠶ᠋ᠢ ᠵᠢᠩᠬᠢᠨᠢ ᠰᠤᠷᠤᠯᠴᠠᠵᠤ ᠴᠢᠳᠠᠭᠰᠠᠨ ᠳᠤ

ᠲᠤᠭᠠᠴᠠᠭᠳᠠᠨ᠎ᠠ᠃ ᠡᠬᠦᠨ ᠠᠴᠠ ᠭᠠᠳᠠᠨ᠎ᠠ᠂ ᠰᠣᠷᠣᠭᠴᠢᠳ ᠰᠢᠯᠭᠠᠯᠳᠠ ᠶᠢᠨ ᠬᠠᠭᠤᠳᠠᠰᠣ ᠪᠠᠨ ᠵᠠᠳᠠᠯᠵᠣ ᠴᠢᠳᠠᠬᠤ

ᠬᠡᠷᠡᠭᠳᠡᠢ᠂ ᠰᠢᠯᠭᠠᠯᠳᠠ ᠶᠢᠨ ᠬᠠᠭᠤᠳᠠᠰᠣᠨ ᠠᠴᠠ ᠦᠪᠡᠷ ᠤᠨ ᠪᠠᠭᠤᠷᠠᠢ ᠳᠠᠯ᠎ᠠ ᠪᠠᠨ ᠵᠠᠳᠠᠯᠣᠨ ᠭᠠᠷᠭᠠᠵᠣ

ᠨᠦᠬᠦᠪᠦᠷᠢᠯᠡᠭᠦ ᠨᠢ ᠪᠠᠰᠠ ᠴᠦ ᠬᠡᠯᠡ ᠪᠢᠴᠢᠭ ᠤᠨ ᠬᠢᠷᠢ ᠪᠦᠲᠦᠮᠵᠢ ᠪᠠᠨ ᠳᠡᠭᠡᠭᠰᠢᠯᠡᠬᠦᠯᠬᠦ ᠳᠦᠳᠡ ᠵᠠᠮ ᠪᠤᠯᠣᠨ᠎ᠠ᠃

      ᠬᠤᠷᠢᠶᠠᠩᠭᠤᠶᠢᠯᠠᠪᠠᠯ᠂ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠵᠣᠯᠭᠠᠯᠳᠠ ᠪᠤᠯ ᠨᠢᠬᠡ ᠴᠠᠭ ᠢᠶᠠᠷ

ᠰᠠᠶᠢᠬᠠᠨ ᠬᠢᠵᠦ ᠳᠡᠶᠢᠯᠬᠦ ᠠᠵᠢᠯ ᠪᠢᠰᠢ ᠮᠦᠷᠲᠡᠭᠡᠨ ᠬᠠᠮᠤᠭ ᠤᠨ ᠴᠢᠬᠤᠯᠠ ᠨᠢ ᠰᠣᠷᠣᠭᠴᠢᠳ ᠤᠨ ᠰᠡᠳᠬᠢᠬᠦᠢ ᠶᠢᠨ

ᠬᠤᠪᠢᠷᠠᠯᠳᠠ ᠶᠢ ᠠᠩᠬᠠᠷᠬᠤ ᠭᠡᠷᠡᠭᠳᠠᠢ᠂ ᠰᠣᠷᠣᠯᠴᠠᠬᠤ ᠠᠷᠭ᠎ᠠ ᠪᠠᠨ ᠰᠢᠨᠡᠳᠭᠡᠵᠦ᠂ ᠨᠡᠩ ᠬᠦᠯᠢᠴᠡᠩᠬᠦᠢ ᠪᠠᠶᠢᠵᠣ᠂

ᠪᠠᠰᠠ ᠭᠡᠷ ᠤᠨ ᠠᠬᠠᠮᠠᠳ᠂ ᠪᠠᠭᠰᠢ ᠶᠢᠨ ᠬᠦᠳᠦᠯᠦᠮᠵᠢ᠂ ᠨᠡᠩ ᠴᠢᠬᠤᠯᠠ ᠨᠢ ᠰᠣᠷᠣᠭᠴᠢ ᠦᠪᠡᠷ ᠤᠨ ᠦᠵᠡᠯ

ᠰᠠᠨᠠᠭᠠᠨ ᠳᠡᠭᠡᠷ᠎ᠡ ᠪᠠᠨ ᠣᠬᠠᠭᠠᠷᠠᠵᠣ ᠰᠡᠭᠡᠭᠡᠷᠡᠪᠡᠯ ᠵᠣᠬᠢᠨ᠎ᠠ᠃ ᠳᠡᠭᠡᠳᠦ ᠳᠣᠮᠳᠠᠳᠣ ᠶᠢᠨ ᠬᠡᠯᠡ ᠪᠢᠴᠢᠭ ᠤᠨ

ᠰᠣᠷᠣᠯᠴᠠᠯᠭ᠎ᠠ ᠪᠣᠯ ᠠᠩᠬ᠎ᠠ ᠳᠣᠮᠳᠠᠳᠣ ᠶᠢᠨ ᠬᠡᠯᠡ ᠪᠢᠴᠢᠭ ᠤᠨ ᠰᠣᠷᠣᠯᠴᠠᠯᠭ᠎ᠠ ᠶᠢᠨ ᠦᠷᠭᠦᠯᠵᠢᠯᠡᠯ ᠪᠠ

ᠬᠦᠨᠵᠡᠬᠡᠶᠢᠷᠡᠯ ᠪᠣᠯᠣᠨ᠎ᠠ᠂ ᠪᠢᠳᠡ ︽ᠫᠷᠦᠭᠷᠠᠮ︾ ᠪᠠ ᠵᠢᠭᠠᠬᠤ ᠮᠠᠲ᠋ᠧᠷᠢᠶᠠᠯ ᠳᠤ ᠪᠠᠨ ᠶᠠᠪ ᠴᠠᠪ ᠳᠠᠭᠠᠷᠠᠭᠤᠯᠵᠣ᠂

ᠰᠤᠷᠤᠭᠴᠢᠳ ᠲᠤ ᠪᠠᠨ ᠮᠡᠳᠡᠯᠬᠡ ᠶᠢ ᠡᠵᠡᠮᠰᠢᠭᠦᠯᠵᠦ᠂ ᠴᠢᠳᠠᠪᠣᠷᠢ ᠶᠢ ᠬᠦᠮᠦᠵᠢᠬᠦᠯᠵᠦ᠂ ᠣᠶᠣᠨ ᠢ ᠨᠢ ᠬᠦᠭᠵᠢᠬᠦᠯᠵᠦ᠂

ᠪᠠᠰᠠ ᠦᠨᠡᠨ ᠪᠠᠶᠢᠳᠠᠯ ᠳᠤ ᠬᠠᠨᠳᠣᠨ᠂ ᠡᠮᠦᠨ᠎ᠡ ᠬᠤᠶᠢᠨᠠᠬᠢ ᠶᠢ ᠪᠣᠳᠣᠯᠬᠢᠯᠠᠵᠣ᠂ ᠠᠰᠠᠭᠤᠳᠠᠯ ᠢ ᠢᠯᠠᠷᠠᠭᠦᠯᠵᠤ᠂

ᠴᠠᠭ ᠳᠣᠬᠠᠢ ᠳᠤ ᠨᠢ ᠰᠢᠢᠳᠪᠦᠷᠢᠯᠡᠨ᠎ᠡ᠃ ᠠᠩᠬ᠎ᠠ ᠳᠣᠮᠳᠠᠳᠣ ᠪᠠ ᠳᠡᠭᠡᠳᠦ ᠳᠣᠮᠳᠠᠳᠣ ᠶᠢᠨ ᠬᠡᠯᠡ ᠪᠢᠴᠢᠭ ᠤᠨ

ᠵᠣᠯᠭᠠᠯᠳᠠ ᠶᠢ ᠨᠠᠷᠢᠨ ᠨᠢᠮᠪᠠᠢ ᠬᠢᠪᠡᠯ ᠭᠡᠯᠡ ᠪᠢᠴᠢᠭ ᠤᠨ ᠰᠠᠭᠤᠷᠢ ᠶᠢ ᠰᠠᠶᠢᠳᠤᠷ ᠲᠠᠯᠪᠢᠬᠤ ᠳᠤ ᠦᠢᠯᠠᠴᠢᠯᠠᠵᠤ

ᠴᠢᠳᠠᠨ᠎ᠠ᠃

       ᠠᠵᠢᠯᠯᠠᠵᠤ ᠪᠠᠶᠢᠭ᠎ᠠ ᠪᠠᠶᠢᠭᠤᠯᠭ᠎ᠠ᠄ ᠪᠣᠭᠤᠳᠣ ᠬᠤᠳᠠ ᠶᠢᠨ ᠮᠣᠩᠭᠤᠯ

                                  ᠦᠨᠳᠦᠰᠦᠳᠡᠨ ᠤ ᠳᠣᠮᠳᠠᠳᠣ ᠰᠣᠷᠭᠠᠭᠤᠯᠢ

                                  ︵ᠠᠯᠳᠠᠨᠰᠦ᠋ᠭᠡ ᠨᠠᠶᠢᠷᠠᠭᠤᠯᠪᠠ︶

                                  2023.3 ᠳ᠋ᠤᠭᠠᠷ ᠬᠤᠭᠤᠴᠠᠭ᠎ᠠ

 

 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map