ᠣᠶᠢᠷ᠎ᠠ ᠳᠤ᠂ ︽ᠬᠡᠷᠡᠯ ᠰᠡᠭᠦᠳᠡᠷ @ ᠳᠠᠭᠠᠷᠢᠯᠲᠠ ᠶᠢᠨ ᠪᠦᠷᠢᠶ᠎ᠡ︾ ᠪᠠᠷ ᠭᠤᠤᠯ ᠰᠡᠳᠦᠪ ᠪᠣᠯᠭᠠᠭᠰᠠᠨ ᠲᠠᠪᠤᠳᠤᠭᠠᠷ ᠬᠤᠭᠤᠴᠠᠭᠠᠨ ᠤ ︽ᠪᠢᠯᠢᠭᠲᠦ ᠬᠠᠰ | ᠬᠤᠨᠳᠠᠭᠠᠲᠤ︾ ᠠᠷᠢᠭᠤᠨ ᠴᠢᠬᠡᠴᠢ ᠪᠢᠴᠢᠯ ᠺᠢᠨᠣ᠋ ᠪᠢᠴᠢᠯ ᠸᠢᠳᠢᠤ᠋ ᠶᠢᠨ ᠤᠷᠤᠯᠳᠤᠭᠠᠨ ᠵᠧᠵᠢᠶᠠᠩ ᠮᠤᠵᠢ ᠶᠢᠨ ᠬᠠᠩᠵᠧᠦ ᠬᠤᠲᠠ ᠳᠤ ᠥᠨᠳᠥᠷᠯᠡᠵᠦ᠂ ᠪᠥᠬᠦ | ᠤᠯᠤᠰ ᠤᠨ 31 ᠮᠤᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ ᠪᠣᠯᠤᠨ ᠰᠢᠨᠵᠢᠶᠠᠩ ᠤᠨ ᠦᠢᠯᠡᠳᠪᠦᠷᠢᠯᠡᠯ ᠪᠥᠲᠥᠭᠡᠨ | ᠪᠠᠶᠢᠭᠤᠯᠤᠯᠲᠠ ᠶᠢᠨ ᠪᠢᠩᠲ᠋ᠤᠸᠠᠨ ᠵᠢᠴᠢ ᠲᠠᠶᠢᠸᠠᠨ᠂ ᠣᠣᠮᠧᠨ ᠣᠷᠣᠨ ᠤ 2189 ᠪᠦᠲᠦᠭᠡᠯ ︵ᠡᠭᠦᠨ ᠳᠤ᠂ ᠪᠢᠴᠢᠯ ᠺᠢᠨᠣ᠋ ᠶᠢᠨ ᠪᠦᠲᠦᠭᠡᠯ 711᠂ ᠪᠢᠴᠢᠯ | ᠸᠢᠳᠢᠤ᠋ ᠶᠢᠨ ᠪᠦᠲᠦᠭᠡᠯ 1478 ᠪᠣᠶ︶ ︽ᠪᠢᠯᠢᠭᠲᠦ ᠬᠠᠰ ᠬᠤᠨᠳᠠᠭᠠᠲᠤ︾ ᠶᠢᠨ ᠠᠷᠪᠠ ᠭᠠᠷᠤᠶ ᠱᠠᠩᠨᠠᠯ ᠢ ᠥᠷᠢᠰᠦᠯᠳᠦᠪᠡ᠃ ᠮᠠᠨ ᠤ ᠣᠷᠣᠨ ᠤ ᠳᠣᠲᠣᠭᠠᠳᠤ ᠶᠢ | ᠬᠠᠮᠠᠭᠠᠯᠠᠬᠤ ᠪᠠᠶᠢᠭᠤᠯᠭ᠎ᠠ ᠶᠢᠨ ᠢᠯᠡᠷᠡᠯ ᠶᠡᠷᠦ ᠪᠤᠰᠤ ᠶᠢᠨ ᠪᠠᠶᠢᠵᠤ᠂ ᠨᠡᠶᠢᠲᠡ ᠭᠤᠷᠪᠠᠨ ᠵᠦᠢᠯ ᠤᠨ ᠢᠷᠠᠭᠤ ᠠᠯᠳᠠᠷ ᠭᠥᠷᠳᠡᠪᠡ᠂ ᠡᠭᠦᠨ ᠳᠤ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠣᠲᠣᠭᠠᠳᠤ ᠶᠢ ᠬᠠᠮᠠᠭᠠᠯᠠᠬᠤ ᠲᠢᠩᠬᠢᠮ ᠤᠷᠤᠯᠳᠤᠭᠠᠨ ᠤ ︽ᠵᠣᠬᠢᠶᠠᠨ ᠪᠠᠶᠢᠭᠤᠯᠤᠯᠲᠠ ᠶᠢᠨ ᠱᠠᠩᠨᠠᠯ︾ ᠢ ᠢᠷᠠᠭᠤ | ᠠᠯᠳᠠᠷᠲᠠᠶ ᠪᠠᠷ ᠭᠥᠷᠳᠡᠵᠦ᠂ ᠥᠪᠡᠷᠲᠡᠭᠡᠨ ᠵᠠᠰᠠᠬᠤ ᠣᠷᠣᠨ ᠤ ᠳᠣᠲᠣᠭᠠᠳᠤ ᠶᠢ ᠬᠠᠮᠠᠭᠠᠯᠠᠬᠤ ᠲᠢᠩᠬᠢᠮ ᠤᠨ ᠰᠣᠩᠭᠤᠨ ᠬᠦᠷᠭᠡᠭᠰᠡᠨ ᠪᠦᠲᠦᠭᠡᠯ ︽ᠴᠠᠭᠳᠠᠭᠠᠨ ᠤ | ᠲᠠᠩᠭᠠᠷᠢᠭ︾ ᠨᠢ ᠤᠷᠤᠯᠳᠤᠭᠠᠨ ᠤ ︽ᠮᠥᠩᠭᠦᠨ ᠱᠠᠩᠨᠠᠯ︾ ︵ᠪᠢᠴᠢᠯ ᠺᠢᠨᠣ᠋ ᠶᠢᠨ ᠲᠥᠷᠥᠯ︶ ᠢ ᠢᠷᠠᠭᠤ ᠠᠯᠳᠠᠷᠲᠠᠶ ᠪᠠᠷ ᠭᠥᠷᠳᠡᠵᠦ᠂ ᠣᠷᠳᠣᠰ ᠬᠤᠲᠠ ᠶᠢᠨ | ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠰᠣᠩᠭᠤᠨ ᠬᠦᠷᠭᠡᠭᠰᠡᠨ ᠪᠦᠲᠦᠭᠡᠯ ︽ᠴᠠᠭᠳᠠᠭᠠᠨ ᠡᠷᠭᠢᠴᠡᠭᠦᠯᠦᠨ ᠪᠣᠳᠣᠯᠲᠠ︾ ᠨᠢ ᠤᠷᠤᠯᠳᠤᠭᠠᠨ ᠤ | ︽ᠰᠢᠯᠢᠯᠲᠡ ᠳᠤ ᠤᠷᠤᠭᠰᠠᠨ ᠱᠠᠩᠨᠠᠯ︾ ︵ᠪᠢᠴᠢᠯ ᠺᠢᠨᠣ᠋ ᠶᠢᠨ ᠲᠥᠷᠥᠯ︶ ᠢ ᠢᠷᠠᠭᠤ ᠠᠯᠳᠠᠷᠲᠠᠶ ᠪᠠᠷ ᠭᠥᠷᠳᠡᠪᠡ᠃ | | | | ︽ᠪᠢᠯᠢᠭᠲᠦ ᠬᠠᠰ ᠬᠤᠨᠳᠠᠭᠠᠲᠤ︾ ᠠᠷᠢᠭᠤᠨ ᠴᠢᠬᠡᠴᠢ ᠪᠢᠴᠢᠯ ᠺᠢᠨᠣ᠋ ᠪᠢᠴᠢᠯ ᠸᠢᠳᠢᠣ᠋ ᠶᠢᠨ ᠤᠷᠤᠯᠳᠤᠭᠠᠨ ᠪᠣᠯ ᠪᠦᠬᠦ ᠤᠯᠤᠰ ᠤᠨ ᠴᠢᠨᠠᠷᠲᠠᠢ ᠠᠷᠢᠭᠤᠨ | ᠴᠢᠬᠡᠴᠢ ᠰᠣᠶᠣᠯ ᠤᠨ ᠤᠷᠤᠯᠳᠤᠭᠠᠨ ᠪᠣᠯᠤᠨ᠎ᠠ᠂ 2019 ᠣᠨ ᠳᠤ ᠡᠷᠭᠢᠯᠡᠭᠰᠡᠨ ᠠᠴᠠ ᠨᠠᠭᠠᠰᠢ᠂ ᠪᠦᠬᠦ ᠤᠯᠤᠰ ᠤᠨ ᠬᠠᠮᠤᠭ ᠤᠨ ᠨᠥᠯᠥᠭᠡᠯᠡᠬᠦ ᠬᠦᠴᠦᠨ ᠲᠠᠢ | ᠠᠷᠢᠭᠤᠨ ᠴᠢᠬᠡᠴᠢ ᠰᠣᠶᠣᠯ ᠤᠨ ᠤᠷᠤᠯᠳᠤᠭᠠᠨ ᠤ ᠨᠡᠷᠡᠲᠦ ᠲᠡᠮᠳᠡᠭ ᠪᠣᠯᠤᠭᠰᠠᠨ ᠪᠠᠶᠢᠨ᠎ᠠ᠃ ᠲᠠᠪᠤᠳᠤᠭᠠᠷ ᠬᠤᠭᠤᠴᠠᠭᠠᠨ ᠤ ᠶᠡᠭᠡ ᠤᠷᠤᠯᠳᠤᠭᠠᠨ ᠢ ᠳᠤᠮᠳᠠᠳᠤ | ᠤᠯᠤᠰ ᠤᠨ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠰᠡᠳᠬᠦᠯ ᠤᠨ ᠬᠤᠷᠢᠶ᠎ᠠ᠂ ᠵᠧᠵᠢᠶᠠᠩ ᠮᠤᠵᠢ ᠶᠢᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ | ᠪᠠᠶᠢᠴᠠᠭᠠᠬᠤ ᠵᠥᠪᠯᠡᠯ᠂ ᠲᠥᠪ ᠤᠨ ᠷᠠᠳᠢᠣ᠋ ᠲᠧᠯᠸᠢᠰ ᠤᠨ ᠶᠡᠷᠦᠩᠬᠡᠢ ᠬᠤᠷᠢᠶ᠎ᠠ ᠶᠢᠨ ᠵᠧᠵᠢᠶᠠᠩ ᠤᠨ ᠶᠡᠷᠦᠩᠬᠡᠢ ᠦᠷᠳᠡᠭᠡ᠂ ᠵᠧᠵᠢᠶᠠᠩ ᠤᠨ ᠡᠳᠦᠷ ᠤᠨ ᠰᠣᠨᠢᠨ ᠤ | ᠦᠢᠯᠡᠰ ᠤᠨ ᠪᠦᠯᠦᠭᠯᠡᠯ ᠵᠡᠷᠭᠡ ᠨᠢᠭᠡᠴᠢ ᠠᠴᠠ ᠭᠤᠣᠯᠯᠠᠨ ᠡᠷᠬᠢᠯᠡᠪᠡ᠃ ᠡᠨᠡ ᠵᠢᠯ ᠤᠨ 3 ᠰᠠᠷ᠎ᠠ ᠳᠤ ᠤᠷᠤᠯᠳᠤᠭᠠᠨ ᠡᠬᠢᠯᠡᠭᠰᠡᠨ ᠠᠴᠠ᠂ ᠵᠣᠬᠢᠶᠠᠨ ᠪᠠᠶᠢᠭᠤᠯᠬᠤ | ᠺᠣᠮᠢᠰ ᠠᠴᠠ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ᠂ ᠬᠤᠪᠢᠰᠬᠠᠯ ᠤᠨ ᠰᠣᠶᠣᠯ᠂ ᠨᠡᠶᠢᠭᠡᠮ ᠵᠢᠷᠤᠮ ᠤᠨ ᠲᠡᠷᠢᠭᠦᠨ ᠤ ᠰᠣᠶᠣᠯ ᠤᠨ ᠳᠤᠮᠳᠠ ᠠᠴᠠ | ᠠᠷᠢᠭᠤᠨ ᠴᠢᠬᠡᠴᠢ ᠶᠢᠨ ᠭᠧᠨ ᠢ ᠭᠦᠢᠴᠡᠳ ᠠᠭᠤᠳᠠᠯᠵᠤ᠂ ᠪᠢᠴᠢᠯ ᠺᠢᠨᠣ᠋᠂ ᠪᠢᠴᠢᠯ ᠸᠢᠳᠢᠣ᠋ ᠶᠢᠨ ᠢᠯᠡᠷᠡᠭᠦᠯᠦᠯ ᠤᠨ ᠬᠡᠯᠪᠡᠷᠢ ᠪᠠᠷ ᠠᠷᠢᠭᠤᠨ ᠴᠢᠬᠡᠴᠢ ᠰᠣᠶᠣᠯ ᠢ | ᠪᠦᠲᠦᠭᠡᠯᠴᠢ ᠪᠠᠷ ᠬᠤᠪᠢᠷᠠᠭᠤᠯᠬᠤ ᠪᠠ ᠰᠢᠨ᠎ᠡ ᠶᠢ ᠡᠭᠦᠳᠬᠦ ᠴᠢᠨᠠᠷᠲᠠᠢ ᠬᠥᠭᠵᠢᠭᠦᠯᠬᠦ ᠶᠢ ᠬᠦᠴᠦᠯᠡᠨ ᠠᠬᠢᠭᠤᠯᠵᠤ᠂ ︽ᠠᠷᠢᠭᠤᠨ ᠴᠢᠬᠡᠴᠢ ᠪᠠᠷ ᠢᠷᠠᠭᠤ ᠠᠯᠳᠠᠷ ᠢᠶᠠᠨ | ᠪᠣᠯᠭᠠᠬᠤ︾ ᠦᠷᠳᠡᠭ ᠤᠨ ᠣᠶᠢᠯᠠᠭᠠᠭᠳᠠᠬᠤᠨ ᠢ ᠰᠠᠨᠠᠭᠠᠴᠢᠯᠠᠪᠠ᠃ ᠱᠠᠩᠨᠠᠯ ᠭᠥᠷᠳᠡᠭᠰᠡᠨ 120 ᠭᠠᠷᠤᠶ ᠪᠦᠲᠦᠭᠡᠯ ᠤᠨ ᠣᠯᠠᠩᠬᠢ ᠨᠢ ᠰᠤᠷᠲᠠᠯ ᠢ ᠲᠥᠪ ᠪᠣᠯᠭᠠᠨ | ᠰᠠᠬᠢᠯᠭ᠎ᠠ ᠪᠠᠲᠤ ᠶᠢ ᠴᠢᠩᠳᠠᠯᠠᠬᠤ᠂ ᠥᠯᠢᠭᠡᠷ ᠳᠠᠭᠤᠷᠢᠶᠠᠯ ᠪᠣᠯᠬᠤ᠂ ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ᠂ ᠰᠡᠷᠡᠮᠵᠢᠯᠡᠭᠦᠯᠬᠦ ᠬᠥᠮᠦᠵᠢᠯ ᠬᠢᠬᠦ ᠪᠠᠷ | ᠭᠤᠤᠯ ᠰᠡᠳᠦᠪ ᠪᠣᠯᠭᠠᠵᠤ᠂ ᠮᠠᠨ ᠤ ᠨᠠᠮ ᠤᠨ ᠢᠯᠵᠠᠷᠠᠯ ᠳᠤ ᠥᠴᠦᠬᠡᠨ ᠴᠦ ᠢᠯᠳᠠᠷ ᠬᠠᠶᠠᠬᠤ ᠥᠬᠡᠶ᠂ ᠢᠯᠵᠠᠷᠠᠯ ᠢ ᠡᠰᠡᠷᠭᠦᠴᠡᠬᠦ ᠲᠡᠮᠡᠴᠡᠯ ᠢ ᠡᠴᠦᠰ ᠲᠤ ᠨᠢ | ᠲᠤᠯᠲᠠᠯ᠎ᠠ ᠬᠢᠬᠦ ᠡᠷᠡᠰ ᠵᠣᠷᠢᠭ ᠢ ᠬᠠᠷᠠᠭᠤᠯᠵᠠᠶ᠃ | | | | ᠤᠢᠢᠷ᠎ᠠ ᠶᠢᠨ ᠵᠢᠯ ᠠᠴᠠ᠂ ᠥᠪᠡᠷᠲᠡᠭᠡᠨ ᠵᠠᠰᠠᠬᠤ ᠣᠷᠣᠨ ᠤ ᠳᠣᠲᠣᠭᠠᠳᠤ ᠶᠢ ᠬᠠᠮᠠᠭᠠᠯᠠᠬᠤ ᠲᠢᠩᠬᠢᠮ ᠤᠨ ᠨᠠᠮ ᠤᠨ ᠬᠤᠷᠢᠶ᠎ᠠ ᠠᠷᠢᠭᠤᠨ ᠴᠢᠬᠡᠴᠢ ᠰᠣᠶᠣᠯ ᠤᠨ | ᠪᠠᠶᠢᠭᠤᠯᠤᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ︽ᠪᠦᠬᠦ ᠲᠠᠯ᠎ᠠ ᠪᠠᠷ ᠨᠠᠮ ᠢ ᠬᠠᠮᠢᠶᠠᠷᠴᠤ ᠴᠠᠭᠳᠠᠭ᠎ᠠ ᠶᠢ ᠴᠢᠩᠭ᠎ᠠ ᠵᠠᠰᠠᠵᠤ᠂ ᠠᠷᠢᠭᠤᠨ ᠴᠢᠬᠡᠴᠢ | ᠪᠠᠶᠢᠭᠤᠯᠭ᠎ᠠ ᠶᠢ ᠬᠦᠴᠦᠯᠡᠨ ᠳᠠᠪᠲᠠᠨ ᠪᠣᠯᠪᠠᠰᠤᠷᠠᠭᠤᠯᠬᠤ︾ ᠪᠣᠯ ᠪᠦᠬᠦ ᠣᠷᠣᠨ ᠤ ᠳᠣᠲᠣᠭᠠᠳᠤ ᠶᠢ ᠬᠠᠮᠠᠭᠠᠯᠠᠬᠤ ᠡᠩᠨᠡᠭᠡ ᠶᠢᠨ ᠡᠷᠬᠡᠪᠰᠢ ᠪᠠᠷᠢᠮᠲᠠᠯᠠᠬᠤ ᠢᠯᠡ ᠲᠣᠳᠣ | ᠤᠯᠤᠰ ᠲᠦᠷᠦ ᠶᠢᠨ ᠵᠣᠭᠰᠣᠯᠲᠠ ᠪᠣᠯᠤᠨ᠎ᠠ᠂ ᠥᠷᠭᠡᠨ ᠤᠯᠠᠨ ᠳᠣᠲᠣᠭᠠᠳᠤ ᠶᠢ ᠬᠠᠮᠠᠭᠠᠯᠠᠬᠤ ᠠᠷᠠᠳ ᠤᠨ ᠴᠠᠭᠳᠠᠭ᠎ᠠ ᠶᠢᠨ ᠥᠪᠡᠷ ᠤᠨ ᠪᠡᠶ᠎ᠡ ᠳᠤ ᠪᠠᠨ ᠬᠤᠪᠢᠰᠬᠠᠯ | ᠬᠢᠬᠦ ᠳᠤ ᠡᠷᠬᠡᠪᠰᠢ ᠤᠷᠳᠤ ᠬᠤᠭᠤᠴᠠᠭ᠎ᠠ ᠪᠠᠷ ᠰᠠᠶᠢᠲᠤᠷ ᠠᠳᠬᠤᠬᠤ ᠴᠢᠬᠤᠯᠠ ᠶᠡᠭᠡ ᠤᠯᠤᠰ ᠲᠦᠷᠦ ᠶᠢᠨ ᠡᠭᠦᠷᠭᠡ ᠪᠣᠯᠤᠨ᠎ᠠ ᠭᠡᠵᠦ ᠴᠢᠬᠤᠯᠠᠴᠢᠯᠠᠪᠠ᠃ 2023 | ᠣᠨ ᠤ 3 ᠰᠠᠷ᠎ᠠ ᠳᠤ᠂ ᠥᠪᠡᠷᠲᠡᠭᠡᠨ ᠵᠠᠰᠠᠬᠤ ᠣᠷᠣᠨ ᠤ ᠳᠣᠲᠣᠭᠠᠳᠤ ᠶᠢ ᠬᠠᠮᠠᠭᠠᠯᠠᠬᠤ ᠲᠢᠩᠬᠢᠮ ᠠᠴᠠ ᠪᠦᠬᠦ ᠣᠷᠣᠨ ᠤ ᠳᠣᠲᠣᠭᠠᠳᠤ ᠶᠢ ᠬᠠᠮᠠᠭᠠᠯᠠᠬᠤ | ᠪᠠᠶᠢᠭᠤᠯᠭ᠎ᠠ ᠳᠤ ︽ᠤᠷᠢᠬᠠᠨ ᠰᠠᠯᠬᠢ ᠤᠮᠠᠷᠠᠲᠤ ᠬᠢᠯᠢ ᠶᠢ ᠢᠯᠪᠢᠨ · ᠠᠷᠢᠭᠤᠨ ᠴᠢᠬᠡᠴᠢ ᠴᠠᠭᠳᠠᠭᠠᠨ ᠤ ᠬᠤᠸᠠᠷᠠᠨ ᠳᠤ ᠦᠨᠳᠦᠰᠦᠯᠡᠬᠦ︾ ᠠᠷᠢᠭᠤᠨ ᠴᠢᠬᠡᠴᠢ | ᠰᠣᠶᠣᠯ ᠤᠨ ︽ᠲᠠᠪᠤᠨ ᠪᠢᠴᠢᠯ︾ ᠤᠨ ᠪᠦᠲᠦᠭᠡᠯ ᠢ ᠵᠣᠬᠢᠶᠠᠨ ᠪᠦᠲᠦᠭᠡᠵᠦ ᠰᠢᠯᠭᠠᠷᠠᠭᠤᠯᠤᠨ ᠨᠡᠪᠲᠡᠷᠡᠭᠦᠯᠬᠦ ᠠᠵᠢᠯᠯᠠᠭ᠎ᠠ ᠶᠢ ᠪᠠᠶᠢᠷᠢᠯᠠᠭᠤᠯᠤᠨ ᠥᠷᠨᠢᠭᠦᠯᠪᠡ᠃ | ᠤᠷᠢᠳ ᠬᠤᠵᠢᠳ 1176 ᠪᠦᠲᠦᠭᠡᠯ ᠴᠤᠭᠯᠠᠭᠤᠯᠵᠤ᠂ ︽ᠪᠢᠴᠢᠯ ᠬᠡᠯᠪᠡᠷᠢ︾᠂ ᠮᠡᠷᠭᠡᠵᠢᠯ ᠤᠨ ᠪᠠᠬᠢᠯᠡᠯᠲᠡ ᠪᠠ ᠦᠢᠯᠡᠳᠬᠦ ᠥᠪᠡᠷ ᠤᠨ ᠦᠷᠳᠡᠭ ᠨᠢ | ᠬᠠᠷᠢᠴᠠᠩᠭᠤᠶ ᠪᠠᠷ ᠨᠡᠯᠢᠶᠡᠳ ᠳᠣᠣᠷ᠎ᠠ᠂ ᠢᠨᠲ᠋ᠧᠷ ᠰᠦᠯᠵᠢᠶ᠎ᠡ ᠪᠠᠷ ︽ᠪᠢᠴᠢᠯ ᠪᠦᠲᠦᠭᠡᠯ︾ ᠢ ᠤᠯᠠᠮᠵᠢᠯᠠᠨ ᠲᠠᠷᠬᠠᠭᠠᠬᠤ ᠳᠤ ᠲᠤᠬᠢᠷᠠᠬᠤ ᠬᠡᠯᠪᠡᠷᠢ ᠪᠠᠷ | ᠳᠠᠮᠵᠢᠭᠤᠯᠤᠨ᠂ ᠠᠷᠢᠭᠤᠨ ᠴᠢᠬᠡᠴᠢ ᠰᠣᠶᠣᠯ ᠳᠤ ᠤᠯᠠᠨ ᠵᠦᠢᠯ ᠤᠨ ᠢᠯᠡᠳᠬᠡᠬᠦ ᠠᠷᠭ᠎ᠠ ᠮᠠᠶ᠋ᠢᠭ ᠢ ᠬᠠᠩᠭᠠᠬᠤ ᠶᠢᠨ ᠬᠠᠮᠲᠤ ᠪᠠᠰᠠ ᠠᠷᠢᠭᠤᠨ ᠴᠢᠬᠡᠴᠢ | ᠰᠣᠶᠣᠯ ᠢ ︽ᠪᠤᠶᠢᠵᠢᠭᠤᠯᠤᠨ ᠳᠡᠯᠭᠡᠨ ᠦᠵᠡᠭᠦᠯᠬᠦ᠂ ᠤᠯᠠᠮᠵᠢᠯᠠᠨ ᠳᠡᠯᠭᠡᠷᠡᠭᠦᠯᠬᠦ ᠶᠢ ᠠᠬᠢᠭᠤᠯᠬᠤ︾ ᠰᠢᠨ᠎ᠡ ᠶᠢ ᠡᠭᠦᠳᠬᠦ ᠵᠠᠮ ᠢ ᠨᠡᠭᠡᠭᠡᠭᠰᠡᠨ ᠪᠠᠶᠢᠨ᠎ᠠ᠃ ︽ᠲᠠᠪᠤᠨ | ᠪᠢᠴᠢᠯ︾ ᠤᠨ ᠪᠦᠲᠦᠭᠡᠯ ᠤᠨ ᠵᠣᠬᠢᠶᠠᠨ ᠪᠦᠲᠦᠭᠡᠯᠭᠡ ᠶᠢᠨ ᠰᠢᠯᠭᠠᠷᠠᠭᠤᠯᠤᠯᠲᠠ ᠶᠢᠨ ᠠᠵᠢᠯᠯᠠᠭ᠎ᠠ ᠶᠢ ᠡᠷᠬᠢᠯᠡᠬᠦ ᠪᠠᠷ ᠳᠠᠮᠵᠢᠭᠤᠯᠤᠨ ᠤᠷᠠᠨ ᠳᠠᠷᠬᠠᠨ ᠤ ᠰᠠᠨᠠᠭ᠎ᠠ ᠪᠠᠷ | ︽ᠰᠢᠮ᠎ᠡ ᠲᠡᠵᠢᠭᠡᠯ︾ ᠢᠶᠠᠨ ᠨᠡᠮᠡᠭᠳᠡᠭᠦᠯᠬᠦ ᠪᠠᠷ ᠴᠢᠷᠮᠠᠶᠢᠵᠤ᠂ ᠰᠣᠳᠣᠨ ᠪᠦᠲᠦᠭᠡᠯ ᠤᠨ ᠵᠢᠯᠣᠭᠤᠳᠤᠮᠵᠢ ᠶᠢ ᠪᠤᠶ ᠪᠣᠯᠭᠠᠵᠤ᠂ ᠤᠷᠤᠯᠳᠤᠭᠠᠨ ᠢᠶᠠᠷ ᠤᠷᠤᠯᠳᠤᠭᠠᠨ ᠳᠤ | ᠣᠷᠣᠯᠴᠠᠬᠤ᠂ ᠰᠢᠯᠢᠳᠡᠭ ᠤᠨ ᠳᠣᠲᠣᠷ᠎ᠠ ᠠᠴᠠ ᠰᠢᠯᠢᠳᠡᠭ ᠢ ᠰᠣᠩᠭᠤᠬᠤ᠂ ᠪᠦᠬᠦ ᠣᠷᠣᠨ ᠤ ᠬᠠᠮᠤᠭ ᠰᠢᠯᠢᠳᠡᠭ 13 ᠪᠦᠲᠦᠭᠡᠯ ᠢ ᠰᠣᠩᠭᠤᠨ ᠲᠥᠪ ᠤᠨ ᠲᠡᠰ ᠤᠨ᠂ | ᠪᠦᠬᠦ ᠤᠯᠤᠰ ᠤᠨ ᠴᠢᠨᠠᠷᠲᠠᠢ ᠠᠷᠢᠭᠤᠨ ᠴᠢᠬᠡᠴᠢ ᠰᠣᠶᠣᠯ ᠤᠨ ᠤᠷᠤᠯᠳᠤᠭᠠᠨ ᠢ ᠰᠢᠯᠭᠠᠷᠠᠭᠤᠯᠬᠤ ᠠᠵᠢᠯᠯᠠᠭ᠎ᠠ ᠳᠤ ᠣᠷᠣᠯᠴᠠᠭᠤᠯᠵᠤ᠂ ᠥᠪᠥᠷ ᠮᠣᠩᠭᠤᠯ ᠤᠨ | ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠠᠷᠢᠭᠤᠨ ᠴᠢᠬᠡᠴᠢ ᠰᠣᠶᠣᠯ ᠤᠨ ᠳᠠᠮᠵᠢᠭᠤᠯᠭ᠎ᠠ ᠶᠢᠨ ᠳᠠᠪᠬᠤᠴᠠᠯ ᠦᠢᠯᠡᠳᠦᠯ ᠢ ᠦᠷᠭᠦᠯᠵᠢᠯᠡᠨ ᠪᠠᠳᠠᠷᠠᠭᠤᠯᠬᠤ ᠶᠢ | ᠠᠬᠢᠭᠤᠯᠵᠤ᠂ ᠠᠷᠢᠭᠤᠨ ᠴᠢᠬᠡᠴᠢ ᠰᠣᠶᠣᠯ ᠤᠨ ᠡᠯᠧᠮᠧᠨ᠋ᠲ ᠢ ᠥᠷᠭᠡᠨ ᠳᠡᠯᠭᠡᠷᠡᠭᠦᠯᠦᠨ ︽ᠠᠭᠤᠷ ᠠᠮᠢᠰᠬᠤᠯ ᠢ ᠪᠣᠢ ᠪᠣᠯᠭᠠᠨ ᠰᠡᠷᠡᠮᠵᠢᠯᠡᠭᠦᠯᠦᠨ ᠬᠥᠮᠥᠵᠢᠭᠦᠯᠬᠦ︾ | ᠦᠢᠯᠡᠳᠦᠯ ᠢ ᠲᠤᠪᠤᠶᠢᠯᠭᠠᠵᠦ᠂ ᠤᠯᠠᠨ ᠲᠠᠯ᠎ᠠ ᠶᠢᠨ ᠪᠣᠰᠤᠭ᠎ᠠ ᠴᠣᠭᠴᠠᠲᠤ ᠬᠥᠮᠦᠨ ᠢ ᠬᠥᠮᠦᠵᠢᠭᠦᠯᠬᠦ ᠣᠷᠴᠢᠨ ᠲᠣᠭᠤᠷᠢᠨ ᠢ ᠪᠤᠢ ᠪᠣᠯᠭᠠᠨ᠎ᠠ᠃ | | | | ᠡᠨᠡ ᠵᠢᠯ ᠤᠨ 3 ᠰᠠᠷ᠎ᠠ ᠳᠤ᠂ ᠥᠪᠥᠷ ᠮᠣᠩᠭᠤᠯ ᠤᠨ ᠳᠣᠲᠣᠭᠠᠳᠤ ᠶᠢ ᠬᠠᠮᠠᠭᠠᠯᠠᠬᠤ ᠲᠢᠩᠬᠢᠮ ᠤᠨ ᠰᠣᠩᠭᠤᠨ ᠬᠦᠷᠭᠡᠭᠰᠡᠨ ᠴᠢᠬᠡᠴᠢ ᠵᠠᠰᠠᠭ ᠤᠨ ᠪᠢᠴᠢᠯ ᠺᠢᠨᠣ᠋ | ︽ᠴᠠᠭᠳᠠᠭ᠎ᠠ ᠶᠢᠨ ᠲᠠᠩᠭᠠᠷᠢᠭ︾ ᠨᠢ ᠲᠥᠪ ᠤᠨ ᠤᠯᠤᠰ ᠲᠥᠷᠥ ᠬᠠᠤᠯᠢ ᠴᠠᠭᠠᠵᠠ ᠶᠢᠨ ᠬᠤᠷᠢᠶ᠎ᠠ ᠶᠢᠨ ᠡᠷᠭᠢᠯᠡᠭᠰᠡᠨ ᠳᠣᠯᠣᠳᠤᠭᠠᠷ ᠬᠤᠭᠤᠴᠠᠭᠠᠨ ᠤ ᠠᠮᠤᠷ | ᠠᠮᠤᠭᠤᠯᠠᠩ ᠳᠤᠮᠳᠠᠳᠤ ᠤᠯᠤᠰ ᠤᠨ ︽ᠭᠤᠷᠪᠠᠨ ᠪᠢᠴᠢᠯ︾ ᠤᠨ ᠤᠷᠤᠯᠳᠤᠭᠠᠨ ᠤ ᠬᠤᠪᠢ ᠶᠢᠨ ᠵᠢᠩ ᠢᠶᠠᠷ ᠬᠠᠮᠤᠭ ᠤᠨ ᠬᠦᠨᠳᠦ ︽ᠪᠢᠴᠢᠯ ᠺᠢᠨᠣ᠋︾ ᠶᠢᠨ | ᠲᠥᠷᠥᠯ ᠤᠨ ᠪᠦᠲᠦᠭᠡᠯ ᠤᠨ ᠨᠢᠭᠡᠳᠦᠭᠡᠷ ᠳᠡᠰ ᠤᠨ ᠱᠠᠩᠨᠠᠯ ︵ᠪᠥᠬᠦ ᠤᠯᠤᠰ ᠤᠨ ᠳᠣᠲᠣᠭᠠᠳᠤ ᠶᠢ ᠬᠠᠮᠠᠭᠠᠯᠠᠬᠤ ᠰᠢᠰᠲ᠋ᠧᠮ ᠤᠨ ᠴᠣᠷ ᠤᠨ ᠭᠠᠭᠴᠠ ᠱᠠᠩᠨᠠᠯ | ᠭᠥᠷᠳᠡᠭᠰᠡᠨ ᠪᠦᠲᠦᠭᠡᠯ︶ ᠢ ᠭᠥᠷᠳᠡᠪᠡ︔ ᠡᠨᠡ ᠵᠢᠯ ᠤᠨ 5 ᠰᠠᠷ᠎ᠠ ᠳᠤ᠂ ᠲᠥᠪ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠤᠯᠤᠰ ᠤᠨ ᠬᠢᠨᠠᠨ ᠪᠠᠶᠢᠴᠠᠭᠠᠬᠤ | ᠵᠥᠪᠯᠡᠯ᠂ ᠲᠥᠪ ᠤᠨ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠬᠡᠷ ᠪᠣᠯᠤᠨ ᠠᠷᠠᠳ ᠤᠨ ᠰᠦᠯᠵᠢᠶ᠎ᠡ ᠶᠢᠨ ᠡᠷᠭᠢᠯᠡᠭᠰᠡᠨ ︽ᠪᠥᠬᠦ ᠤᠯᠤᠰ ᠤᠨ ᠠᠷᠢᠭᠤᠨ | ᠴᠢᠬᠡᠴᠢ ᠰᠣᠶᠣᠯ ᠤᠨ ᠪᠢᠴᠢᠯ ᠺᠢᠨᠣ᠋ ᠪᠢᠴᠢᠯ ᠸᠢᠳᠢᠤ᠋ ᠡᠯᠰᠡᠵᠦ ᠳᠡᠯᠭᠡᠨ ᠨᠡᠪᠲᠡᠷᠡᠭᠦᠯᠬᠦ ᠠᠵᠢᠯᠯᠠᠭ᠎ᠠ︾ ᠳᠤᠮᠳᠠ ︽ᠰᠢᠯᠢᠳᠡᠭ ᠪᠦᠲᠦᠭᠡᠯ ᠤᠨ ᠱᠠᠩᠨᠠᠯ︾ ︵ᠪᠥᠬᠦ | ᠤᠯᠤᠰ ᠲᠤ ᠶᠢᠰᠦᠬᠡᠨ ᠮᠤᠵᠢ ᠣᠷᠣᠨ ᠤ 10 ᠪᠦᠲᠦᠭᠡᠯ ᠱᠠᠩᠨᠠᠯ ᠭᠥᠷᠳᠡᠪᠡ︶ ᠢ ᠳᠠᠬᠢᠨᠲᠠ ᠭᠥᠷᠳᠡᠭᠰᠡᠨ ᠪᠥᠭᠡᠳ ᠠᠷᠠᠳ ᠤᠨ ᠰᠦᠯᠵᠢᠶ᠎ᠡ ᠵᠡᠷᠭᠡ | ᠵᠠᠭᠤᠴᠢᠯᠠᠭᠤᠷ ᠢᠶᠠᠷ ᠳᠠᠮᠵᠢᠭᠤᠯᠤᠨ ᠳᠡᠯᠭᠡᠨ ᠨᠡᠪᠲᠡᠷᠡᠭᠦᠯᠵᠦ᠂ ᠲᠣᠪᠴᠢᠳᠠᠨ ᠦᠵᠡᠭᠰᠡᠨ ᠬᠥᠮᠦᠨ ᠤ ᠲᠤᠭ᠎ᠠ ᠨᠡᠶᠢᠲᠡ 1.17 ᠳ᠋ᠦᠩᠰᠢᠭᠤᠷ ᠤᠳᠠᠭ᠎ᠠ ᠳᠤ ᠬᠦᠷᠴᠡᠶ᠃ | |