ᠰᠥᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶᠠᠨ ᠤ ᠠᠷᠠᠳ ᠤᠨ ᠴᠠᠭᠳᠠᠭ᠎ᠠ ᠨᠠᠷ ︽ᠵᠢᠳᠭᠦᠷᠴᠢᠨ︾ ᠪᠣᠯᠪᠠ
ᠨᠡᠶᠢᠲᠡᠯᠡᠭᠰᠡᠨ ᠴᠠᠭ᠄
2023/12/22
     ᠣᠶᠢᠷ᠎ᠠ ᠳᠤ᠂ ᠭᠡᠨᠡᠳᠲᠡ ᠶᠡᠭᠡ ᠴᠠᠰᠤ ᠣᠷᠣᠵᠤ ᠵᠠᠮ ᠳᠡᠭᠡᠷ᠎ᠡ ᠴᠠᠰᠤ ᠬᠤᠷᠠᠵᠤ ᠮᠥᠰᠥ ᠬᠥᠯᠳᠡᠨ᠂ ᠵᠠᠮ ᠨᠡᠪᠲᠡᠷᠡᠯᠭᠡ ᠶᠢᠨ ᠬᠠᠷᠰᠢ ᠰᠠᠭᠠᠳ ᠨᠡᠮᠡᠭᠳᠡᠵᠦ᠂ ᠣᠯᠠᠨ ᠲᠦᠮᠡᠨ ᠤ ᠠᠮᠤᠷ ᠲᠦᠪᠰᠢᠨ ᠢᠶᠠᠷ ᠶᠠᠪᠤᠵᠤ ᠰᠠᠭᠤᠬᠤ ᠳᠤ ᠳᠥᠭᠦᠮ ᠦᠭᠡᠢ ᠪᠣᠯᠵᠤ᠂ ᠰᠥᠨᠢᠳ ᠪᠠᠷᠠᠭᠤᠨ ᠬᠤᠰᠢᠭᠤᠨ ᠤ ᠰᠠᠶᠢᠬᠠᠨᠲᠠᠯ᠎ᠠ ᠪᠠᠯᠭᠠᠰᠤᠨ ᠤ ᠵᠠᠮ ᠬᠠᠷᠢᠯᠴᠠᠭᠠᠨ ᠤ ᠠᠮᠤᠷ ᠲᠦᠪᠰᠢᠨ ᠤ ᠪᠠᠶᠢᠳᠠᠯ ᠬᠦᠠᠳᠤ ᠰᠢᠯᠭᠠᠯᠲᠠ ᠶᠢ ᠬᠦᠯᠢᠶᠡᠪᠡ᠃ 12 ᠳ᠋ᠤᠭᠠᠷ ᠰᠠᠷ᠎ᠠ ᠶᠢᠨ 16 ᠤ ᠡᠳᠦᠷ᠂ ᠰᠥᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠠᠷᠠᠳ ᠤᠨ ᠴᠠᠭᠳᠠᠭ᠎ᠠ ᠠᠵᠢᠯᠯᠠᠬᠤ ᠵᠠᠮ ᠳᠤ ᠪᠠᠨ ᠨᠢᠭᠡᠨ ᠬᠠᠷ᠎ᠠ ᠥᠩᠭᠡ ᠶᠢᠨ ᠮᠠᠰᠢᠨ ᠲᠡᠷᠭᠡ ᠵᠠᠮ ᠤᠨ ᠬᠠᠵᠠᠭᠤ ᠳᠤ ᠬᠠᠯᠲᠤᠷᠢᠨ ᠣᠷᠣᠭᠰᠠᠨ ᠢ ᠣᠯᠵᠤ ᠬᠠᠷᠠᠪᠠ᠃ ᠠᠷᠠᠳ ᠤᠨ ᠴᠠᠭᠳᠠᠭ᠎ᠠ ᠨᠠᠷ ᠲᠡᠷᠭᠡᠨ ᠠᠴᠠ ᠪᠠᠭᠤᠮᠠᠭᠴᠠ ︽ᠵᠢᠳᠭᠦᠷᠴᠢᠨ︾ ᠪᠣᠯᠵᠤ᠂ ᠡᠴᠦᠰ ᠲᠤ ᠪᠠᠨ ᠮᠠᠰᠢᠨ ᠲᠡᠷᠭᠡ ᠶᠢ ᠠᠮᠤᠷ ᠲᠦᠪᠰᠢᠨ ᠢᠶᠠᠷ ᠵᠠᠮ ᠳᠡᠭᠡᠷ᠎ᠡ ᠭᠠᠷᠭᠠᠪᠠ᠃
33b224172c41d18eb1be6cf4d354050.jpg 
     ᠰᠥᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠠᠷᠠᠳ ᠤᠨ ᠴᠠᠭᠳᠠᠭ᠎ᠠ ᠨᠠᠷ ︽ᠣᠯᠠᠨ ᠲᠦᠮᠡᠨ ᠤ ᠶᠠᠪᠤᠳᠠᠯ ᠳᠤ ᠪᠠᠭ᠎ᠠ ᠶᠠᠪᠤᠳᠠᠯ ᠭᠡᠵᠦ ᠦᠭᠡᠢ︾ ᠭᠡᠬᠦ ᠵᠣᠷᠢᠯᠲᠠ ᠶᠢ ᠢᠮᠠᠭᠲᠠ ᠪᠠᠲᠤ ᠴᠡᠭᠡᠵᠢᠯᠡᠵᠦ᠂ ᠰᠠᠯᠬᠢ ᠰᠢᠭᠤᠷᠭᠠᠨ ᠠᠴᠠ ᠰᠦᠷᠳᠡᠯ ᠦᠭᠡᠢ ᠪᠠᠷ ᠵᠢᠵᠢᠭᠦᠷᠯᠡᠨ ᠨᠢᠭᠡᠳᠦᠭᠡᠷ ᠹᠷᠣᠨᠲ ᠢᠶᠠᠨ ᠪᠠᠲᠤ ᠰᠠᠬᠢᠵᠤ᠂ ᠲᠠᠳᠠ ᠪᠠᠶᠢᠨ ᠳᠠᠬᠢᠨ ︽ᠵᠢᠳᠭᠦᠷᠴᠢᠨ︾ ᠪᠣᠯᠵᠤ᠂ ᠣᠯᠠᠨ ᠲᠦᠮᠡᠨ ᠢ ᠦᠨᠡᠨ ᠰᠡᠳᠬᠢᠯ ᠠᠴᠠ ᠪᠠᠨ ᠬᠠᠷᠠᠭᠠᠯᠵᠠᠵᠤ᠂ ᠴᠠᠰᠤᠨ ᠳᠠᠬᠢ ᠬᠠᠮᠤᠭ ᠤᠨ ᠭᠤᠶᠣ ︽ᠴᠠᠭᠳᠠᠭ᠎ᠠ︾ ᠶᠢᠨ ᠥᠩᠭᠡ ᠵᠢᠰᠦ ᠪᠠᠨ ᠳᠡᠯᠭᠡᠨ ᠦᠵᠡᠭᠦᠯᠪᠡ᠃  
ᠢᠷᠡᠯᠲᠡ᠄ ᠰᠢᠯᠢ ᠶᠢᠨ ᠭᠤᠤᠯ ᠠᠶᠢᠮᠠᠭ ᠤᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ
Baidu
map