ᠬᠤᠯᠠᠬᠢ ᠭᠠᠵᠠᠷ
ᠨᠡᠶᠢᠲᠡᠯᠡᠭᠰᠡᠨ ᠴᠠᠭ᠄
2022/11/9
   ᠬᠤᠯᠠᠬᠢ ᠭᠠᠵᠠᠷ    ᠳᠠᠭᠤᠨ ᠳᠤ ᠭᠠᠷᠳᠠᠭ  ᠣᠩᠭᠤᠨ ᠴᠡᠩᠭᠡᠷ ᠬᠢᠵᠠᠭᠠᠷ ᠢ ᠪᠢ ᠵᠡᠭᠦᠳᠦᠯᠡᠳᠡᠭ    ᠲᠡᠨᠳᠡ ᠬᠦᠷᠬᠦ ᠭᠡᠵᠦ  ᠨᠢᠯᠪᠦᠰᠦ ᠪᠠᠨ ᠨᠢᠭᠤᠵᠤ ᠤᠨᠠᠭᠠᠳᠠᠭ    ᠴᠠᠭ ᠲᠣᠭᠠᠯᠠᠨ ᠨᠢᠳᠦ ᠠᠯᠳᠠᠮ᠎ᠠ  ᠴᠠᠪ ᠴᠠᠭᠠᠨ ᠴᠠᠰᠤ ᠪᠤᠳᠠᠷᠠᠨ ᠤᠨᠠᠭᠠᠭᠰᠠᠭᠠᠷ ᠯᠠ ᠪᠠᠢᠳᠠᠭ    ᠨᠢᠰᠴᠣ ᠲᠤᠭᠤᠯᠳᠠᠭ ᠦᠭᠡᠢ  ᠮᠥᠷᠥᠭᠡᠳᠦᠯ ᠤᠨ ᠭᠤᠣᠯ ᠠᠶᠠᠷᠬᠠᠨ ᠤᠷᠤᠰᠳᠠᠭ    ᠬᠠᠷᠠᠴᠠ ᠪᠠᠷ ᠢᠶᠠᠨ ᠢᠨᠢᠶᠡᠮᠰᠦᠭᠯᠡᠭᠰᠡᠨ ᠵᠠᠯᠠᠭᠤᠬᠠᠨ ᠣᠳᠣᠳ  ᠬᠠᠷᠢᠨ ᠦᠯᠢᠭᠡᠷ ᠶᠠᠷᠢᠵᠤ ᠶᠠᠭᠠᠷᠠᠳᠠᠭ    ᠵᠡᠭᠦᠳᠦᠨ ᠳᠤ ᠢᠷᠡᠳᠡᠭ  ᠲᠡᠷᠡ ᠴᠡᠩᠬᠡᠷ ᠬᠢᠵᠠᠭᠠᠷ ᠢ ᠪᠢ ᠳᠠᠭᠤᠯᠠᠨ᠎ᠠ    ᠳᠡᠨᠳᠡ ᠰᠢᠪᠠᠭᠤᠳ ᠤᠨ ᠳᠣᠷᠠᠯᠠᠯᠳᠣ ᠭᠥᠷᠥᠨ ᠪᠠᠶᠢᠳᠠᠭ᠃     ᠬᠤᠩᠭᠤᠷ ᠮᠢᠨᠢ ᠴᠢ  ᠢᠷᠡᠭᠡᠳ ᠥᠩᠭᠡᠷᠡᠭᠰᠡᠨ ᠪᠥᠬᠦᠨ ᠢᠶᠠᠨ ᠮᠠᠷᠳᠠᠵᠤ ᠣᠷᠬᠢ  ᠢᠷᠠᠭᠤᠬᠠᠨ ᠲᠡᠷᠡ ᠮᠥᠴᠡ ᠶᠢ ᠢᠳᠡᠭᠡᠵᠦ ᠨᠢᠰ︕  ᠬᠠᠮᠢᠭ᠎ᠠ ᠬᠤᠯᠠ ᠶᠢᠨ ᠲᠡᠭᠷᠢ ᠳᠤ ᠨᠢᠰᠬᠦ ᠭᠡᠵᠦ ᠳᠤᠷᠠᠯᠠᠭᠰᠠᠨ ᠪᠣᠯ  ᠬᠠᠷᠢᠨ ᠨᠠᠮ᠎ᠠ ᠶᠢ ᠮᠠᠷᠲᠠ  ᠬᠠᠷᠢᠭᠤᠯᠲᠠ ᠶᠢ ᠨᠢ ᠬᠠᠪᠤᠷ ᠤᠨ ᠰᠠᠯᠬᠢ ᠠᠴᠠ ᠠᠰᠠᠭᠤ︕             ᠵᠣᠬᠢᠶᠠᠯᠴᠢ᠄ ᠣᠷᠳᠣᠰ ᠬᠤᠳᠠ ᠶᠢᠨ ᠣᠳᠤᠭ ᠬᠤᠰᠢᠭᠤᠨ ᠤ ᠳᠣᠳᠣᠭᠠᠳᠣ ᠶᠢ ᠬᠠᠮᠠᠭᠠᠯᠠᠬᠤ ᠲᠣᠪᠴᠢᠶ᠎ᠠ  ᠲᠡᠭᠷᠢᠭᠡᠭᠡᠷᠡᠬᠦ 
ᠢᠷᠡᠯᠲᠡ᠄ ᠣᠷᠲᠤᠰ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ
Baidu
map