26. ᠲᠧᠯᠧᠢᠰ ᠢ ᠵᠤᠬᠢᠰᠲᠠᠢ ᠨᠡᠬᠡᠭᠡᠬᠦ
ᠨᠡᠶᠢᠲᠡᠯᠡᠭᠰᠡᠨ ᠴᠠᠭ᠄
2015/11/24

       ᠡᠳᠦᠷ ᠪᠦᠷᠢ ᠲᠧᠯᠧᠢᠰ ᠢ ᠳᠤᠳᠠᠭᠤ ᠬᠠᠭᠠᠰ ᠴᠠᠭ ᠨᠡᠬᠡᠭᠡᠬᠦ᠄ ᠡᠳᠦᠷ ᠪᠦᠷᠢ ᠲᠧᠯᠧᠢᠰ ᠢ ᠳᠤᠳᠠᠭᠤ ᠬᠠᠭᠠᠰ ᠴᠠᠭ ᠨᠡᠬᠡᠭᠡᠪᠡᠯ ᠲᠧᠯᠧᠢᠰ ᠪᠦᠷᠢ 20W ᠴᠠᠬᠢᠯᠭᠠᠨ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 19.2kg ᠪᠠᠭᠠᠰᠬᠠᠬᠤ ᠪᠤᠯᠤᠨ᠎ᠠ᠃ ᠬᠡᠷᠪᠡ ᠪᠦᠬᠦ ᠤᠯᠤᠰ ᠤᠨ ᠠᠷᠪᠠᠨ ᠤ ᠨᠢᠭᠡ ᠶᠢᠨ ᠲᠧᠯᠧᠢᠰ ᠡᠳᠦᠷ ᠪᠦᠷᠢ ᠳᠤᠳᠠᠭᠤ ᠬᠠᠭᠠᠰ ᠴᠠᠭ ᠨᠡᠬᠡᠭᠡᠬᠦ ᠳᠤ ᠬᠦᠷᠪᠡᠯ ᠪᠦᠬᠦ ᠤᠯᠤᠰ ᠵᠢᠯ ᠪᠦᠷᠢ 7 ᠳ᠋ᠦᠡᠭᠰᠢᠭᠤᠷ W ᠴᠠᠬᠢᠯᠭᠠᠨ ᠠᠷᠪᠢᠯᠠᠬᠤ ᠮᠦᠷᠳᠡᠭᠡᠨ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 67 ᠲᠦᠮᠡᠨ t ᠪᠠᠭᠠᠰᠬᠠᠵᠤ ᠴᠢᠳᠠᠨ᠎ᠠ᠃
      ᠲᠧᠯᠧᠢᠰ ᠤᠨ ᠳᠡᠯᠭᠡᠴᠡ ᠶᠢᠨ ᠭᠡᠷᠡᠯ ᠤᠨ ᠬᠡᠮᠵᠢᠶ᠎ᠡ ᠶᠢ ᠳᠤᠤᠷ᠎ᠠ ᠪᠤᠯᠭᠠᠵᠤ ᠲᠤᠬᠢᠷᠠᠭᠤᠯᠬᠤ᠄ ᠲᠧᠯᠧᠢᠰ ᠤᠨ ᠳᠡᠯᠭᠡᠴᠡ ᠶᠢᠨ ᠭᠡᠷᠡᠯ ᠢ ᠳᠤᠮᠳᠠ ᠵᠡᠷᠭᠡ ᠳᠤ ᠲᠠᠯᠪᠢᠪᠠᠯ ᠬᠠᠷᠠᠬᠤ ᠮᠡᠳᠡᠷᠡᠯ ᠢ ᠬᠠᠮᠤᠭ ᠤᠨ ᠳᠠᠭᠠᠯᠠᠮᠵᠢᠲᠠᠢ ᠦᠷ᠎ᠡ ᠳ᠋ᠦᠩ ᠳᠤ ᠬᠦᠷᠭᠡᠬᠦ ᠪᠦᠭᠡᠳ ᠴᠠᠬᠢᠯᠭᠠᠨ ᠠᠷᠪᠢᠯᠠᠵᠤ᠂ ᠲᠧᠯᠧᠢᠰ ᠪᠦᠷᠢ ᠵᠢᠯ ᠪᠦᠷᠢ ᠪᠠᠷᠤᠭ 5.5W ᠴᠠᠬᠢᠯᠭᠠᠨ ᠠᠷᠪᠢᠯᠠᠵᠤ᠂ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 5.3kg ᠪᠠᠭᠠᠰᠬᠠᠬᠤ ᠪᠤᠯᠤᠨ᠎ᠠ᠃ ᠬᠡᠷᠪᠡ ᠪᠦᠬᠦ ᠤᠯᠤᠰ ᠲᠤ ᠪᠠᠶᠢᠭ᠎ᠠ 3.5 ᠳ᠋ᠦᠡᠭᠰᠢᠭᠤᠷ ᠲᠧᠯᠧᠢᠰ ᠲᠤ ᠡᠶᠢᠮᠦ ᠠᠷᠭ᠎ᠠ ᠠᠪᠤᠪᠠᠯ ᠪᠦᠬᠦ ᠤᠯᠤᠰ ᠵᠢᠯ ᠪᠦᠷᠢ 19 ᠳ᠋ᠦᠡᠭᠰᠢᠭᠤᠷ W ᠴᠠᠬᠢᠯᠭᠠᠨ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 184 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map